ᠼ∙ᠷᠠᠳᠨᠠ ᠳᠤ ᠲᠡᠮᠡᠴᠡᠭᠡᠨ ‍ᠣ ᠵᠠᠷᠤᠳᠠᠯ ᠢ ᠨᠢ ᠰᠢᠢᠳᠪᠦᠷᠢᠯᠡᠵᠦ ᠥᠭᠴᠡᠢ | News.MN

ᠼ∙ᠷᠠᠳᠨᠠ ᠳᠤ ᠲᠡᠮᠡᠴᠡᠭᠡᠨ ‍ᠣ ᠵᠠᠷᠤᠳᠠᠯ ᠢ ᠨᠢ ᠰᠢᠢᠳᠪᠦᠷᠢᠯᠡᠵᠦ ᠥᠭᠴᠡᠢ

ᠡᠮᠦᠨᠡᠭᠣᠪᠢ ᠠᠶᠢᠮᠠᠭ ᠤᠨ ᠤᠤᠭᠠᠯ ᠂ ᠳᠡᠯᠡᠬᠡᠢ ᠶᠢᠨ ᠠᠪᠤᠷᠭᠤ ᠲᠠᠮᠢᠷᠴᠢᠨ ᠼ∙ᠷᠠᠳᠨᠠ ᠳᠤ ᠠᠦᠢᠰᠲᠷᠠᠯᠢᠶ᠎ᠠ ᠤᠯᠤᠰ ᠲᠤ ᠪᠣᠯᠬᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠵᠠᠷᠤᠳᠠᠯ ᠢ ᠨᠢ ᠰᠢᠢᠳᠪᠦᠷᠢᠯᠡᠵᠦ ᠦᠭᠭᠦᠯ᠎ᠡ ᠃ ᠲᠤᠰ ᠠᠶᠢᠮᠠᠭ ᠠᠴᠠ ᠲᠥᠷᠥᠨ ᠭᠠᠷᠤᠭᠰᠠᠨ ᠠᠪᠢᠶᠠᠰᠲᠠᠳ ᠤᠨ ︽ᠶᠡᠬᠡ ᠤᠨᠳᠤᠷᠭ᠎ᠠ︾ ᠲᠣᠭᠯᠠᠯᠲᠠ ᠤᠯᠠᠭᠠᠨᠪᠠᠭᠠᠲᠤᠷ ᠬᠤᠲᠠ ᠳᠤ ᠪᠣᠯᠤᠭᠰᠠᠨ᠃ ᠡᠨᠡ ᠦᠶ᠎ᠡ ᠪᠡᠷ 85 ᠨᠠᠰᠤᠨ ᠳᠤ ᠪᠠᠨ ᠳᠡᠯᠡᠬᠡᠢ ᠶᠢᠨ ᠠᠪᠤᠷᠭᠤ ᠪᠣᠯᠤᠭᠰᠠᠨ ᠼ∙ᠷᠠᠳᠨᠠ ᠳᠤ ᠬᠦᠨᠳᠦᠳᠬᠡᠯ ᠦᠵᠡᠭᠦᠯᠵᠦ᠂ ᠡᠮᠦᠨᠡᠭᠣᠪᠢ ᠠᠶᠢᠮᠠᠭ ᠤᠨ ᠬᠦᠨᠳᠦᠲᠦ ᠲᠡᠮᠳᠡᠭ᠂ ᠮᠥᠩᠭᠥᠨ ᠱᠠᠩᠨᠠᠯ ᠢᠶᠠᠷ ᠱᠠᠩᠨᠠᠵᠤ᠂  ᠳᠠᠷᠠᠭ᠎ᠠ ᠶᠢᠨ ᠲᠡᠮᠡᠴᠡᠭᠡᠨ ᠳᠦ ᠶᠠᠪᠤᠬᠤ ᠵᠠᠷᠤᠳᠠᠯ ᠪᠤᠶᠤ 7 ᠰᠠᠶ᠎ᠠ 300 ᠮᠢᠩᠭᠠᠨ ᠲᠥᠭᠥᠷᠢᠭ ᠦᠨ ᠪᠠᠲᠤᠯᠠᠮᠵᠢ ᠶᠢ ᠭᠠᠷᠳᠠᠭᠤᠯᠤᠭᠰᠠᠨ ᠪᠠᠶᠢᠨ᠎ᠠ᠃
ᠼ∙ᠷᠠᠳᠨᠠ ᠨᠢ 85 ᠨᠠᠰᠤᠨ ᠳᠤ ᠪᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 88 ᠣᠷᠣᠨ ᠤ 5000 ᠭᠠᠷᠤᠢ ᠲᠠᠮᠢᠷᠴᠢᠨ ᠣᠷᠣᠯᠴᠠᠭᠰᠠᠨ ᠲᠡᠮᠡᠴᠡᠭᠡᠨ ᠡᠴᠡ 400 ᠮᠧᠲ᠋ᠷ ᠦᠨ ᠭᠦᠶᠦᠯᠲᠡ ᠶᠢᠨ ᠳᠡᠯᠡᠬᠡᠢ ᠶᠢᠨ ᠲᠡᠮᠳᠡᠭᠯᠡᠯ  ᠢ ᠡᠪᠳᠡᠵᠦ ᠠᠯᠲᠠᠨ ᠮᠧᠳᠠᠯ᠂ ᠰᠠᠭᠠᠳ ᠲᠠᠢ 60 ᠮᠧᠲ᠋ᠷ ᠦᠨ ᠭᠦᠶᠦᠯᠲᠡ ᠳᠦ ᠠᠯᠲᠠᠨ ᠮᠧᠳᠠᠯ᠂ 200 ᠮᠧᠲ᠋ᠷ ᠦᠨ ᠭᠦᠶᠦᠯᠲᠡ ᠳᠦ ᠮᠥᠩᠭᠥᠨ ᠮᠧᠳᠠᠯ ᠬᠦᠷᠲᠡᠭᠰᠡᠨ ᠶᠤᠮ᠃

ᠰᠡᠳᠬᠢᠭᠳᠡᠯ ᠦᠯᠡᠳᠡᠭᠡᠬᠦ