ᠪᠤᠷᠢᠶᠠᠳ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠴᠢᠯᠦᠭᠡᠲᠦ ᠪᠥᠬᠡ ᠶᠢᠨ ︽ᠪᠠᠶᠢᠭᠠᠯᠢ ᠣᠫᠧᠨ ︾ ᠣᠯᠠᠨ ᠤᠯᠤᠰ ᠤᠨ ᠲᠡᠮᠡᠴᠡᠭᠡᠨ ᠡᠨᠡ ᠰᠠᠷ᠎ᠠ ᠶᠢᠨ 17-19 ᠍ ᠳᠦ ᠦᠷᠭᠦᠯᠵᠢᠯᠡᠵᠦ ᠥᠩᠭᠡᠷᠡᠭᠰᠡᠨ ᠨᠢᠮ᠎ᠠ ᠳᠤ ᠥᠨᠳᠥᠷᠯᠡᠪᠡ᠃ ᠡᠨᠡ ᠲᠡᠮᠡᠴᠡᠭᠡᠨ ᠳᠤ ᠮᠠᠨ ᠤ ᠴᠢᠯᠦᠭᠡᠲᠦ ᠶᠢᠨ ᠬᠢᠨ ᠵᠠᠭᠤ ᠭᠠᠷᠤᠢ ᠬᠦᠮᠦᠨ ᠲᠡᠢ ᠪᠠᠭ ᠣᠴᠢᠭᠰᠠᠨ᠃ ᠵᠣᠷᠢᠯᠭ᠎ᠠ ᠨᠢ ᠲᠡᠨᠳᠡ ᠵᠢᠩᠬᠢᠨᠢ ︽ᠪᠠᠶᠢᠯᠳᠤᠨ ᠳᠠᠭᠠᠭᠤᠯᠤᠯᠲᠠ︾ ᠬᠢᠨ᠎ᠡ ᠭᠡᠰᠡᠨ ᠶᠤᠮ ᠪᠠᠶᠢᠬᠤ᠃ ᠲᠡᠷᠡ ᠵᠣᠷᠢᠯᠭ᠎ᠠ ᠳᠤ ᠪᠠᠨ ᠴᠤ ᠪᠠᠷᠤᠭ ᠬᠦᠷᠦᠭᠰᠡᠨ ᠭᠡᠵᠦ ᠪᠣᠯᠤᠨ᠎ᠠ᠃ ᠮᠣᠩᠭᠣᠯ ᠤᠨ ᠪᠠᠭ ᠲᠠᠮᠢᠷᠴᠢᠳ ᠳᠣᠯᠣᠭᠠᠨ ᠠᠯᠲᠠ᠂ ᠳᠣᠯᠣᠭᠠᠨ ᠮᠥᠩᠭᠥ᠂ 11 ᠬᠦᠷᠡᠯ ᠮᠧᠳᠠᠯ ᠬᠦᠷᠲᠡᠯ᠎ᠡ ᠭᠡᠰᠡᠨ ᠮᠡᠳᠡᠭᠡ ᠢᠷᠡᠪᠡ᠃ ᠤᠭ ᠲᠡᠮᠡᠴᠡᠭᠡᠨ ᠵᠢᠷ ᠦᠨ ᠨᠢᠭᠡ ᠠᠭᠤᠯᠵᠠᠯᠲᠠ ᠲᠡᠳᠦᠢ ᠲᠡᠮᠡᠴᠡᠭᠡᠨ ᠪᠢᠰᠢ᠃ ᠣᠷᠣᠰ ᠂ ᠮᠣᠩᠭᠣᠯ᠂ ᠳᠣᠮᠢᠨᠢᠺᠠᠨ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠂ ᠤᠩᠭᠠᠷᠢ᠂ ᠬᠠᠰᠠᠭᠰᠲ᠋ᠠᠨ᠂ ᠲᠠᠵᠢᠺᠰᠲ᠋ᠠᠨ ᠵᠡᠷᠭᠡ 13 ᠣᠷᠣᠨ ᠤ 440 ᠭᠠᠷᠤᠢ ᠪᠥᠬᠡ ᠴᠢᠭᠤᠯᠵᠤ ᠡᠷᠡᠭᠲᠡᠶᠢᠴᠦᠳ 10᠂ ᠡᠮᠡᠭᠲᠡᠶᠢᠴᠦᠳ ᠵᠢᠷᠭᠤᠭᠠᠨ ᠵᠢᠩ ᠳᠦ ᠥᠷᠢᠰᠦᠯᠳᠦᠭᠰᠡᠨ ᠪᠠᠶᠢᠨ᠎ᠠ᠃
ᠲᠡᠷᠡ ᠳᠤᠮᠳᠠ ᠠᠴᠠ ᠮᠠᠨ ᠤ ᠪᠦᠰᠡᠭᠦᠶᠢᠴᠦᠳ ᠲᠤᠩ ᠰᠠᠶᠢᠬᠠᠨ ᠠᠮᠵᠢᠯᠲᠠ ᠦᠵᠡᠭᠦᠯᠪᠡ᠃ ᠲᠣᠳᠣᠷᠠᠭᠤᠯᠪᠠᠯ᠂ 50 ᠺᠢᠯᠦᠭᠷᠡᠮ ᠳᠦ ᠼ∙ᠨᠠᠮᠤᠭᠤᠨᠴᠡᠴᠡᠭ᠂᠂ 53 ᠺᠢᠯᠦᠭᠷᠡᠮ ᠳᠦ ᠡ᠊∙ᠰᠤᠮᠢᠶ᠎ᠠ᠂ 62 ᠺᠢᠯᠦᠭᠷᠡᠮ ᠳᠦ ᠥ᠊∙ᠫᠦᠷᠪᠦᠰᠦ᠋ᠷᠦᠩ᠂ 68 ᠺᠢᠯᠦᠭᠷᠡᠮ ᠳᠦ ᠭᠠᠪᠢᠶᠠᠲᠤ ᠲᠠᠮᠢᠷᠴᠢᠨ ᠣ᠊∙ᠨᠠᠰᠤᠨᠪᠦᠷᠮ᠎ᠠ᠂ 76 ᠺᠢᠯᠦᠭᠷᠡᠮ ᠳᠦ ᠭᠠᠪᠢᠶᠠᠲᠤ ᠲᠠᠮᠢᠷᠴᠢᠨ ᠣ᠊∙ᠪᠤᠷᠮ᠎ᠠ ᠨᠠᠷ ᠠᠯᠲᠠᠨ ᠮᠧᠳᠠᠯ ᠤᠨ ᠡᠵᠡᠨ ᠪᠣᠯᠵᠠᠢ᠃ ᠨᠢᠭᠡ ᠰᠣᠨᠢᠷᠬᠠᠯᠲᠠᠢ ᠲᠣᠬᠢᠶᠠᠯᠳᠤᠯ ᠭᠡᠪᠡᠯ 68 ᠺᠢᠯᠦᠭᠷᠡᠮ ᠤᠨ ᠵᠢᠩ ᠳᠦ ᠮᠣᠩᠭᠣᠯ ᠤᠨ ᠭᠤᠷᠪᠠᠨ ᠪᠦᠰᠡᠭᠦᠢ ᠮᠧᠳᠠᠯ ᠤᠨ ᠲᠠᠪᠴᠠᠩ ᠳᠤ ᠵᠡᠷᠭᠡᠴᠡᠨ ᠵᠣᠭᠰᠣᠯ᠎ᠠ᠃ ᠡᠨᠡ ᠨᠢ ᠣ᠊∙ᠨᠠᠰᠤᠨᠪᠦᠷᠮ᠎ᠠ ᠡᠭᠡᠯᠵᠢᠲᠦ ᠲᠦᠷᠦᠭᠦᠦ ᠪᠡᠨ ᠠᠪᠤᠭᠰᠠᠨ ᠪᠣᠯ ᠬ∙ᠪᠣᠯᠣᠷᠲᠤᠶᠠᠭ᠎ᠠ ᠮᠥᠩᠭᠥ᠂ ᠡ᠊∙ᠴᠡᠪᠡᠭᠮᠢᠳ ᠬᠦᠷᠡᠯ ᠮᠧᠳᠠᠯ ᠬᠦᠷᠲᠡᠭᠰᠡᠨ ᠬᠣᠣᠰ ᠦᠭᠡᠢ ᠰᠠᠶᠢᠬᠠᠨ ᠳᠦᠷᠢ ᠵᠢᠷᠤᠭ ᠶᠤᠮ᠃