ᠲᠡᠮᠦᠷ ᠵᠠᠮ ᠤᠨ ᠠᠵᠢᠯ ᠳᠤ ᠴᠡᠷᠢᠭ ᠦᠨ ᠵᠢᠷᠭᠤᠭᠠᠨ ᠠᠩᠭᠢ ᠳᠠᠶᠢᠴᠢᠯᠠᠭᠳᠠᠨ᠎ᠠ | News.MN

ᠲᠡᠮᠦᠷ ᠵᠠᠮ ᠤᠨ ᠠᠵᠢᠯ ᠳᠤ ᠴᠡᠷᠢᠭ ᠦᠨ ᠵᠢᠷᠭᠤᠭᠠᠨ ᠠᠩᠭᠢ ᠳᠠᠶᠢᠴᠢᠯᠠᠭᠳᠠᠨ᠎ᠠ

ᠵᠠᠰᠠᠭ ᠤᠨ ᠭᠠᠵᠠᠷ ᠠᠴᠠ ᠲᠠᠪᠤᠨᠲᠣᠯᠣᠭᠠᠢ ᠵᠡᠭᠦᠨᠪᠠᠶᠠᠨ ᠴᠢᠭᠯᠡᠯ ᠦᠨ 416.6 ᠺᠢᠯᠣᠮᠧᠲ᠋ᠷ ᠲᠡᠮᠦᠷ ᠵᠠᠮ ᠤᠨ ᠠᠵᠢᠯ ᠢ ᠡᠬᠢᠯᠡᠭᠦᠯᠬᠦ ᠪᠣᠯᠤᠭᠰᠠᠨ ᠲᠤᠬᠠᠢ ᠂ ᠮᠥᠨ ᠡᠨᠡᠬᠦ ᠠᠵᠢᠯ ᠳᠤ ᠴᠡᠷᠢᠭ ᠦᠨ ᠠᠯᠪᠠ ᠬᠠᠭᠠᠭᠴᠢᠳ ᠢ ᠳᠠᠶᠢᠴᠢᠯᠠᠬᠤ ᠪᠣᠯᠤᠭᠰᠠᠨ ᠢ ᠵᠠᠮ ᠲᠡᠭᠡᠭᠡᠪᠤᠷᠢ ᠶᠢᠨ ᠬᠦᠭᠵᠢᠯ ᠦᠨ ᠶᠠᠮᠤᠨ ᠤ  ᠰᠠᠶᠢᠳ ᠪ∙ᠡᠩᠬᠡ-ᠠᠮᠤᠭᠤᠯᠠᠩ ᠮᠡᠳᠡᠭᠳᠡᠭᠰᠡᠨ ᠪᠢᠯᠡ᠃ ᠤᠭ ᠠᠵᠢᠯ ᠡᠨᠡ ᠰᠠᠷ᠎ᠠ ᠶᠢᠨ 24  ᠡᠴᠡ ᠠᠯᠪᠠᠨ ᠶᠣᠰᠣᠭᠠᠷ ᠡᠬᠢᠯᠡᠬᠦ ᠪᠡᠷ ᠪᠣᠯᠤᠭᠰᠠᠨ ᠪᠠᠶᠢᠨ᠎ᠠ᠃
ᠲᠠᠪᠤᠨᠲᠣᠯᠣᠭᠠᠢ ᠭᠠᠰᠢᠭᠤᠨᠰᠤᠬᠠᠶᠢᠲᠤ ᠴᠢᠭᠯᠡᠯ ᠦᠨ ᠲᠡᠮᠦᠷ ᠵᠠᠮ ᠤᠨ ᠳᠣᠲᠣᠭᠠᠳᠤ ᠲᠡᠭᠡᠭᠡᠪᠦᠷᠢᠯᠡᠯᠲᠡ ᠶᠢᠨ ᠠᠰᠢᠭ ᠠᠴᠠ8 ᠳ᠋ᠤᠯᠯᠠᠷ ᠳᠤᠲᠤᠭᠠᠳᠤ ᠳ᠋ᠥ ᠦᠯᠡᠳᠡᠵᠦ ᠪᠠᠶᠢᠭ᠎ᠠ ᠪᠣᠯ ᠲᠠᠪᠤᠨᠲᠣᠯᠣᠭᠠᠢ ᠵᠡᠭᠦᠨᠪᠠᠶᠠᠨ ᠴᠢᠭᠯᠡᠯ ᠦᠨ ᠲᠡᠮᠦᠷ ᠵᠠᠮ ᠢᠶᠠᠷ ᠨᠡᠭᠦᠷᠡᠰᠦ ᠪᠡᠨ ᠲᠡᠭᠡᠭᠡᠪᠦᠷᠢᠯᠡᠭᠰᠡᠨ ᠢᠶᠡᠷ 20  ᠳ᠋ᠤᠯᠯᠠᠷ ᠳᠤᠲᠤᠭᠠᠳᠤ ᠳ᠋ᠥ ᠦᠯᠡᠳᠡᠬᠦ ᠶᠤᠮ᠃ ᠲᠠᠪᠤᠨᠲᠣᠯᠣᠭᠠᠢ ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠠᠵᠢᠯ ᠢ ᠡᠨᠡ ᠣᠨ ᠤ ᠲᠠᠪᠤᠳᠤᠭᠠᠷ ᠰᠠᠷ᠎ᠠ ᠳᠤ  ᠡᠬᠢᠯᠡᠭᠡᠳ 2020 ᠣᠨ ᠳᠤ ᠳᠠᠭᠤᠰᠬᠠᠬᠤ ᠪᠠᠷ ᠲᠥᠯᠥᠪᠯᠡᠵᠦ ᠪᠠᠶᠢᠭ᠎ᠠ᠃ ᠲᠡᠮᠦᠷ ᠵᠠᠮ ᠪᠠᠷᠢᠬᠤ ᠳᠤ ᠦᠨᠳᠦᠰᠦᠨ ᠳᠣᠯᠣᠭᠠᠨ ᠠᠵᠢᠯ ᠪᠤᠢ᠃ ᠡᠳᠡᠭᠡᠷ ᠡᠴᠡ ᠭᠠᠵᠠᠷ ᠰᠢᠷᠤᠢ ᠶᠢᠨ ᠠᠵᠢᠯ ᠢ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠲᠤᠰᠠᠯᠠᠮᠵᠢ ᠲᠠᠢ ᠪᠠᠷ ᠭᠦᠢᠴᠡᠳᠭᠡᠬᠦ ᠭᠡᠵᠦ ᠪᠠᠶᠢᠭ᠎ᠠ᠃

ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠭᠧᠨᠧᠷᠠᠯ ᠠ᠊∙ᠭᠠᠩᠪᠠᠲᠤ ᠄ ᠲᠡᠮᠦᠷ ᠵᠠᠮ ᠤᠨ ᠠᠵᠢᠯ ᠢ ᠴᠡᠷᠢᠭ ᠦᠳ ᠢᠶᠡᠷ ᠬᠢᠯᠭᠡᠵᠦ ᠪᠠᠶᠢᠭ᠎ᠠ ᠨᠢ ᠴᠣ ᠰᠢᠨ᠎ᠡ ᠵᠦᠢᠯ ᠪᠢᠰᠢ ᠶᠤᠮ᠃ ᠣᠷᠣᠰ ᠂ ᠬᠢᠲᠠᠳ  ᠲᠤ ᠲᠡᠮᠦᠷ ᠵᠠᠮ᠂ ᠪᠦᠲᠦᠭᠡᠨ ᠪᠠᠶᠢᠭᠤᠯᠤᠯᠲᠠ ᠶᠢᠨ ᠴᠢᠭ ᠡᠭᠦᠷᠭᠡ ᠲᠡᠢ ᠴᠡᠷᠢᠭ  ᠤᠳ ᠪᠠᠶᠢᠳᠠᠭ᠃ ᠠᠮᠧᠷᠢᠺᠠ  ᠳᠤ ᠪᠦᠬᠦᠯᠢ ᠪᠦᠲᠦᠨ ᠢᠨᠵᠧᠨᠧᠷ ᠦᠨ ᠺᠤᠷᠫᠤᠰ ᠪᠠᠶᠢᠨ᠎ᠠ᠃ ᠮᠣᠩᠭᠣᠯ ᠤᠯᠤᠰ ᠤᠨ ᠵᠡᠪᠰᠡᠭᠲᠦ ᠬᠦᠴᠦᠨ ᠦ ᠲᠤᠬᠠᠢ ᠳᠤ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠳᠤ ᠵᠢᠷᠭᠤᠭᠠᠨ ᠷᠣᠲ ᠠᠵᠢᠯᠯᠠᠭᠤᠯᠬᠤ ᠪᠠᠷ ᠪᠡᠯᠡᠳᠬᠡᠵᠦ ᠪᠠᠶᠢᠭ᠎ᠠ ᠠᠴᠠ ᠣᠳᠣ ᠪᠠᠷ ᠨᠢ ᠬᠣᠶᠠᠷ ᠨᠢ ᠪᠡᠯᠡᠨ ᠪᠣᠯᠤᠭᠠᠳ ᠪᠠᠶᠢᠭ᠎ᠠ᠃ ᠡᠨᠳᠡ ᠨᠢᠭᠡ ᠵᠦᠢᠯ ᠢ ᠲᠣᠳᠣᠷᠠᠭᠤᠯᠵᠤ ᠬᠡᠯᠡᠬᠦ ᠳᠦ᠂ ᠬᠤᠭᠤᠴᠠᠭ᠎ᠠ ᠳᠤ ᠴᠡᠷᠢᠭ ᠦᠳ ᠢᠶᠡᠷ ᠭᠠᠵᠠᠷ ᠰᠢᠷᠤᠶᠢᠨ ᠤ ᠠᠵᠢᠯ ᠬᠢᠯᠭᠡᠬᠦ ᠭᠡᠵᠦ ᠪᠠᠶᠢᠭ᠎ᠠ ᠭᠡᠰᠡᠨ ᠣᠶᠢᠯᠠᠭᠠᠯᠲᠠ ᠣᠯᠠᠨ ᠨᠡᠶᠢᠲᠡ ᠶᠢᠨ ᠳᠤᠮᠳᠠ ᠪᠠᠶᠢᠨ᠎ᠠ᠃
ᠨᠢᠭᠡ ᠷᠤᠲ ᠲᠤ 340 ᠣᠷᠴᠢᠮ ᠠᠯᠪᠠ ᠬᠠᠭᠠᠭᠴᠢ ᠪᠠᠶᠢᠬᠤ ᠠᠴᠠ 29 ᠨᠢ ᠯᠠ ᠬᠤᠭᠤᠴᠠᠭ᠎ᠠ ᠳᠤ ᠴᠡᠷᠢᠭ ᠦᠨ ᠠᠯᠪᠠ ᠬᠠᠭᠠᠭᠴᠢ ᠪᠠᠶᠢᠬᠤ ᠶᠤᠮ᠃ ᠪᠤᠰᠤᠳ ᠨᠢ ᠢᠨᠵᠧᠨᠧᠷ ᠦᠨ ᠮᠡᠷᠭᠡᠵᠢᠯ ᠦᠨ ᠠᠬᠠᠯᠠᠭᠴᠢ᠂ ᠣᠹᠢᠼᠧᠷ ᠪᠠᠶᠢᠨ᠎ᠠ᠃ ᠮᠡᠷᠭᠡᠵᠢᠯ ᠦᠨ ᠪᠤᠰᠤ ᠴᠡᠷᠢᠭ ᠦᠳ ᠣᠴᠢᠭᠠᠳ ᠲᠡᠮᠦᠷ ᠵᠠᠮ ᠪᠠᠷᠢᠬᠤ ᠶᠤᠮ ᠰᠢᠭ ᠣᠶᠢᠯᠠᠭᠠᠭᠳᠠᠭᠠᠳ ᠪᠠᠶᠢᠭ᠎ᠠ᠃ ᠴᠡᠷᠢᠭ ᠦᠳ ᠭᠠᠵᠠᠷ ᠰᠢᠷᠤᠶᠢᠨ ᠤ ᠠᠵᠢᠯ ᠠᠴᠠ ᠭᠠᠳᠠᠨ᠎ᠠ ᠲᠡᠮᠦᠷ ᠵᠠᠮ ᠤᠨ ᠤᠰᠤ ᠵᠠᠶᠢᠯᠠᠭᠤᠯᠬᠤ ᠬᠣᠭᠣᠯᠠᠢ ᠶᠢᠨ ᠬᠡᠪ ᠬᠠᠰᠢᠮᠠᠯ ᠬᠢᠬᠦ ᠶᠤᠮ᠃ ᠮᠠᠨ ᠲᠡᠢ ᠮᠡᠷᠭᠡᠵᠢᠯ ᠦᠨ ᠬᠦᠮᠦᠰ ᠡᠴᠡ ᠪᠦᠷᠢᠳᠦᠭᠰᠡᠨ ᠵᠥᠪᠯᠡᠬᠦ᠂ ᠲᠤᠰᠯᠠᠨ ᠭᠦᠢᠴᠡᠳᠭᠡᠬᠦ ᠪᠠᠭ ᠤᠳ ᠬᠠᠮᠲᠤᠷᠠᠨ ᠠᠵᠢᠯᠯᠠᠨ᠎ᠠ ᠭᠡᠯ᠎ᠡ᠃

ᠰᠡᠳᠬᠢᠭᠳᠡᠯ ᠦᠯᠡᠳᠡᠭᠡᠬᠦ