ᠲᠡᠦᠬᠡ ᠦᠭᠦᠯᠡᠭᠰᠡᠨ ︽2000︾ ᠺᠢᠨᠣ᠋ ᠭᠠᠷᠤᠨ᠎ᠠ | News.MN

ᠲᠡᠦᠬᠡ ᠦᠭᠦᠯᠡᠭᠰᠡᠨ ︽2000︾ ᠺᠢᠨᠣ᠋ ᠭᠠᠷᠤᠨ᠎ᠠ

ᠤᠯᠢᠶᠠᠰᠤᠲᠠᠢ ᠶᠢᠨ 2000 ᠴᠡᠷᠢᠭ ᠦᠨ ᠮᠠᠨᠵᠤ ᠶᠢᠨ ᠡᠰᠡᠷᠭᠦ ᠪᠣᠰᠤᠯᠭ᠎ᠠ ᠲᠡᠮᠡᠴᠡᠯ ᠦᠨ ᠲᠠᠯ᠎ᠠ ᠪᠠᠷ ᠥᠭᠦᠯᠡᠬᠦ  ︽2000︾ ᠲᠡᠦᠬᠡᠨ ᠤᠷᠠᠨ ᠰᠠᠶᠢᠬᠠᠨ ᠤ ᠺᠢᠨᠣ᠋ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠭᠠᠷᠬᠤ ᠪᠠᠷ ᠪᠣᠯᠵᠠᠢ᠃ ᠲᠤᠰ ᠪᠦᠲᠦᠭᠡᠯ ᠡᠨᠡ ᠰᠠᠷ᠎ᠠ ᠶᠢᠨ 25-31 ᠍ ᠳᠦ  ᠲᠡᠨᠳᠡ ᠠᠵᠢᠯᠯᠠᠵᠤ ᠠᠮᠢᠳᠤᠷᠠᠵᠤ ᠪᠠᠶᠢᠭ᠎ᠠ ᠦᠵᠡᠭᠴᠢᠳ ᠦᠨ ᠬᠦᠷᠲᠡᠭᠡᠯ ᠪᠣᠯᠬᠤ ᠶᠤᠮ ᠪᠠᠶᠢᠨ᠎ᠠ᠃
UB FILM ᠍ ᠶᠢᠨ ᠪᠦᠲᠦᠭᠡᠯ  ︽2000 ︾ ᠤᠷᠠᠨ ᠰᠠᠶᠢᠬᠠᠨ ᠤ ᠺᠢᠨᠤ᠋ ᠶᠢᠨ ᠶᠡᠷᠦᠩᠬᠡᠢ ᠫᠷᠣᠳᠢᠰᠧᠷ᠂ ᠵᠣᠬᠢᠶᠠᠯᠴᠢ ᠪᠠᠷ ᠫ∙ᠪᠠᠲᠤᠰᠠᠶᠢᠬᠠᠨ᠂ ᠶᠡᠷᠦᠩᠬᠡᠢ ᠨᠠᠶᠢᠷᠠᠭᠤᠯᠤᠭᠴᠢ ᠪᠠᠷ ᠪ∙ᠣᠳᠬᠣᠨᠵᠣᠷᠢᠭ ᠠᠵᠢᠯᠯᠠᠭᠰᠠᠨ ᠶᠤᠮ᠃  ᠺᠢᠨᠤ᠋ ᠳᠤ ᠵᠦᠴᠦᠭᠡᠴᠢᠨ ᠫ∙ᠰᠡᠷᠡᠩᠳᠠᠭᠪᠠ᠂ ᠨ∙ᠪᠠᠲᠤᠴᠡᠴᠡᠭ᠂ ᠳ∙ᠲᠡᠮᠦᠷᠲᠣᠭᠲᠠᠬᠤ᠂ ᠳ∙ᠭᠦᠷᠰᠡᠳ ᠂ ᠼ∙ᠰᠡᠷᠡᠩᠪᠣᠯᠣᠳ᠂ ᠰ∙ᠪᠣᠯᠣᠳ-ᠡᠷᠳᠡᠨᠢ᠂ ᠱ∙ᠳᠣᠷᠵᠢᠰᠦ᠋ᠷᠦᠩ᠂ ᠳ∙ᠪᠠᠲᠤᠲᠡᠮᠦᠷ ᠨᠠᠷ ᠲᠣᠭᠯᠠᠭᠰᠠᠨ ᠪᠥᠭᠡᠳ ᠥᠩᠭᠡᠷᠡᠭᠰᠡᠨ ᠭᠤᠷᠪᠠᠳᠤᠭᠠᠷ ᠰᠠᠷ᠎ᠠ ᠶᠢᠨ 1᠍ ᠳᠦ ᠨᠡᠭᠡᠭᠡᠯᠲᠡ ᠪᠡᠨ ᠬᠢᠭᠰᠡᠨ᠃ ᠮᠠᠨᠵᠤ ᠴᠢᠩ ᠤᠯᠤᠰ ᠤᠨ ᠡᠷᠬᠡᠰᠢᠶᠡᠯ ᠳᠦ 200 ᠵᠢᠯ ᠳᠠᠷᠤᠯᠠᠭᠳᠠᠭᠰᠠᠨ ᠮᠣᠩᠭᠣᠯᠴᠤᠳ ᠤᠨ ᠡᠷᠬᠡ ᠴᠢᠯᠦᠭᠡᠨ ᠦ ᠪᠡᠨ ᠲᠥᠯᠥᠭᠡ ᠪᠣᠰᠤᠭᠰᠠᠨ ᠲᠡᠮᠡᠴᠡᠯ ᠦᠨ ᠨᠢᠭᠡᠨ ᠬᠡᠰᠡᠭ ᠪᠣᠯᠬᠤ ᠤᠯᠢᠶᠠᠰᠤᠲᠠᠢ ᠬᠤᠲᠠ ᠳᠤ ᠴᠡᠷᠢᠭ ᠲᠦ ᠳᠠᠶᠢᠴᠢᠯᠠᠭᠳᠠᠭᠰᠠᠨ ᠨᠡᠷ᠎ᠡ ᠪᠡᠷ ᠳᠠᠷᠤᠯᠠᠭᠳᠠᠵᠤ ᠪᠠᠶᠢᠭᠰᠠᠨ 2000 ᠴᠡᠷᠢᠭ ᠦᠨ ᠪᠣᠰᠤᠯᠭ᠎ᠠ ᠶᠢᠨ ᠪᠣᠳᠠᠲᠤ ᠲᠡᠦᠬᠡ ᠡᠴᠡ ᠰᠡᠳᠦᠪᠯᠡᠨ ᠪᠦᠲᠦᠭᠡᠭᠰᠡᠨ ᠺᠢᠨᠤ᠋ ᠪᠢᠯᠡ᠃
ᠪ᠂ ᠴᠡᠴᠡᠭ

ᠰᠡᠳᠬᠢᠭᠳᠡᠯ ᠦᠯᠡᠳᠡᠭᠡᠬᠦ