ᠵᠡᠢᠺᠣᠪ ᠲᠷᠠᠮᠪᠯᠧ ᠶᠢᠨ  ᠮᠠᠯᠴᠢᠨ  ︽ᠪᠣᠯᠤᠭᠰᠠᠨ︾ ᠺᠢᠨᠣ᠋ ᠨᠡᠭᠡᠭᠡᠯᠲᠡ ᠪᠡᠨ ᠬᠢᠨ᠎ᠡ | News.MN

ᠵᠡᠢᠺᠣᠪ ᠲᠷᠠᠮᠪᠯᠧ ᠶᠢᠨ  ᠮᠠᠯᠴᠢᠨ  ︽ᠪᠣᠯᠤᠭᠰᠠᠨ︾ ᠺᠢᠨᠣ᠋ ᠨᠡᠭᠡᠭᠡᠯᠲᠡ ᠪᠡᠨ ᠬᠢᠨ᠎ᠡ

ᠬᠤᠯᠯᠢᠸᠤᠳ᠋ ᠤᠨ ᠠᠯᠳᠠᠷᠲᠤ ᠨᠠᠶᠢᠷᠠᠭᠤᠯᠤᠭᠴᠢ ᠵᠣᠷᠳᠠᠨ ᠷᠤᠪᠸᠷᠲᠸᠰ ᠦᠨ ᠪᠦᠲᠦᠭᠡᠯ  ︽Burn your maps︾ ᠺᠢᠨᠣ᠋ ᠢᠷᠡᠬᠦ ᠰᠠᠷ᠎ᠠ ᠳᠤ ᠠᠯᠪᠠᠨ ᠶᠣᠰᠣᠨ ᠤ ᠨᠡᠭᠡᠭᠡᠯᠲᠡ ᠪᠡᠨ ᠬᠢᠬᠦ ᠪᠡᠷ ᠪᠤᠯᠵᠠᠢ ᠃ ᠮᠣᠩᠭᠣᠯ ᠳᠤ ᠮᠠᠯᠴᠢᠨ ᠪᠣᠯᠬᠤ ᠶᠢ ᠮᠥᠷᠦᠭᠡᠳᠳᠡᠭ ᠪᠢᠴᠢᠬᠠᠨ ᠬᠦᠦ ᠶᠢᠨ ᠲᠤᠬᠠᠢ ᠥᠭᠦᠯᠡᠬᠦ  ᠡᠨᠡ ᠺᠢᠨᠤ᠋ ᠶᠢᠨ ᠭᠣᠣᠯ ᠳᠦᠷᠢ ᠳᠦ ᠠᠯᠳᠠᠷᠲᠠᠢ ︽The Room ︾  ᠺᠢᠨᠤ᠋ ᠶᠢᠨ ᠵᠦᠴᠦᠭᠡᠴᠢᠨ ᠬᠦᠦ ᠵᠡᠢᠺᠣᠪ ᠲᠷᠠᠮᠪᠯᠧ ᠲᠣᠭᠯᠠᠭᠰᠠᠨ ᠪᠠᠶᠢᠨ᠎ᠠ᠃
ᠢᠷᠡᠬᠦ  ᠵᠢᠷᠭᠤᠳᠤᠭᠠᠷ ᠰᠠᠷ᠎ᠠ ᠶᠢᠨ 21 ᠳᠦ ᠨᠡᠭᠡᠭᠡᠯᠲᠡ ᠪᠡᠨ ᠬᠢᠬᠦ ᠪᠡᠷ ᠲᠥᠯᠥᠪᠯᠡᠭᠰᠡᠨ ︽Burn your maps︾ ᠺᠢᠨᠣ᠋ ᠨᠡᠶᠢᠲᠡ 102 ᠮᠢᠨᠦ᠋ᠲ ᠦᠷᠭᠦᠯᠵᠢᠯᠡᠬᠦ ᠭᠡᠨ᠎ᠡ᠃ ᠺᠢᠨᠤ᠋ ᠳᠤ ᠮᠣᠩᠭᠣᠯ ᠳᠤ ᠦᠨᠡᠬᠡᠷ ᠶᠡᠬᠡ ᠬᠠᠶᠢᠷᠠᠲᠠᠢ ᠪᠢᠴᠢᠬᠠᠨ  ᠬᠦᠦ ᠶᠢᠨ ᠲᠤᠬᠠᠢ ᠥᠭᠦᠯᠡᠬᠦ ᠪᠥᠭᠡᠳ ᠲᠡᠭᠦᠨ ᠦ ᠡᠴᠢᠭᠡ᠂ ᠡᠬᠡ ᠬᠣᠭᠣᠷᠣᠨᠳᠣ ᠪᠠᠨ ᠮᠠᠰᠢ ᠶᠡᠬᠡ ᠵᠥᠷᠢᠴᠡᠯ ᠲᠡᠢ ᠪᠠᠶᠢᠭᠰᠠᠨ ᠴᠤ ᠬᠦᠦ ᠶᠢᠨ ᠢᠶᠡᠨ ᠬᠦᠰᠡᠵᠦ ᠪᠤᠢ ᠵᠦᠢᠯ ᠢ ᠪᠠᠭ᠎ᠠ ᠴᠤ ᠪᠣᠯᠲᠤᠭᠠᠢ ᠪᠡᠶᠡᠯᠡᠭᠦᠯᠵᠦ ᠥᠭᠬᠦ ᠶᠢᠨ ᠲᠥᠯᠥᠭᠡ ᠬᠠᠮᠲᠤ ᠳᠤ ᠪᠠᠨ ᠮᠣᠩᠭᠣᠯ ᠣᠷᠣᠨ ᠢ ᠵᠣᠷᠢᠬᠤ ᠠᠵᠡᠢ᠃ ᠤᠭ ᠺᠢᠨᠤ᠋ ᠳᠤ ᠮᠣᠩᠭᠣᠯ ᠤᠨ ᠦᠵᠡᠭᠴᠢᠳ ᠦᠨ ᠰᠠᠶᠢᠨ ᠮᠡᠳᠡᠬᠦ  ︽The Conjuring ︾᠂ ︽Bates Motel ︾  ᠺᠢᠨᠣ᠋ ᠍ ᠪᠠᠷ ᠲᠠᠨᠢᠯ ᠪᠣᠯᠤᠭᠰᠠᠨ ᠸᠧᠷᠠ ᠹᠠᠷᠮᠢᠭ᠎ᠠ ᠪᠣᠯᠤᠨ ︽The Equalizer︾᠂  ︽Aeonflux ︾ ᠵᠡᠷᠭᠡ ᠺᠢᠨᠣ᠋ ᠍ ᠪᠠᠷ ᠢᠶᠠᠨ ᠠᠯᠳᠠᠷᠲᠠᠢ ᠮᠠᠷᠲ᠋ᠤᠨ ᠴᠤᠺᠠᠱ ᠨᠠᠷ ᠤᠨ ᠠᠯᠳᠠᠷᠲᠠᠢ ᠤᠷᠠᠨ ᠪᠦᠲᠦᠭᠡᠯᠴᠢᠳ ᠲᠣᠭᠯᠠᠵᠠᠢ᠃ ᠬᠤᠯᠯᠢᠸᠤᠳ᠋  ᠤᠨ ᠠᠯᠳᠠᠷᠲᠠᠢ ᠵᠦᠴᠦᠭᠡᠴᠢᠳ ᠦᠨ ᠲᠣᠭᠯᠠᠭᠰᠠᠨ ᠤᠭ ᠺᠢᠨᠣ᠋ ᠨᠢ ᠮᠣᠩᠭᠣᠯ ᠢ ᠰᠤᠷᠲᠠᠯᠴᠢᠯᠠᠬᠤ ᠲᠣᠮᠣ ᠪᠣᠯᠤᠮᠵᠢ ᠭᠡᠵᠦ ᠤᠷᠠᠨ ᠪᠦᠲᠦᠭᠡᠯᠴᠢᠳ ᠬᠠᠷᠠᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ