ᠬᠤᠯᠯᠢᠸᠤᠳ᠋ ᠤᠨ ᠠᠯᠳᠠᠷᠲᠤ ᠨᠠᠶᠢᠷᠠᠭᠤᠯᠤᠭᠴᠢ ᠵᠣᠷᠳᠠᠨ ᠷᠤᠪᠸᠷᠲᠸᠰ ᠦᠨ ᠪᠦᠲᠦᠭᠡᠯ ︽Burn your maps︾ ᠺᠢᠨᠣ᠋ ᠢᠷᠡᠬᠦ ᠰᠠᠷ᠎ᠠ ᠳᠤ ᠠᠯᠪᠠᠨ ᠶᠣᠰᠣᠨ ᠤ ᠨᠡᠭᠡᠭᠡᠯᠲᠡ ᠪᠡᠨ ᠬᠢᠬᠦ ᠪᠡᠷ ᠪᠤᠯᠵᠠᠢ ᠃ ᠮᠣᠩᠭᠣᠯ ᠳᠤ ᠮᠠᠯᠴᠢᠨ ᠪᠣᠯᠬᠤ ᠶᠢ ᠮᠥᠷᠦᠭᠡᠳᠳᠡᠭ ᠪᠢᠴᠢᠬᠠᠨ ᠬᠦᠦ ᠶᠢᠨ ᠲᠤᠬᠠᠢ ᠥᠭᠦᠯᠡᠬᠦ ᠡᠨᠡ ᠺᠢᠨᠤ᠋ ᠶᠢᠨ ᠭᠣᠣᠯ ᠳᠦᠷᠢ ᠳᠦ ᠠᠯᠳᠠᠷᠲᠠᠢ ︽The Room ︾ ᠺᠢᠨᠤ᠋ ᠶᠢᠨ ᠵᠦᠴᠦᠭᠡᠴᠢᠨ ᠬᠦᠦ ᠵᠡᠢᠺᠣᠪ ᠲᠷᠠᠮᠪᠯᠧ ᠲᠣᠭᠯᠠᠭᠰᠠᠨ ᠪᠠᠶᠢᠨ᠎ᠠ᠃
ᠢᠷᠡᠬᠦ ᠵᠢᠷᠭᠤᠳᠤᠭᠠᠷ ᠰᠠᠷ᠎ᠠ ᠶᠢᠨ 21 ᠳᠦ ᠨᠡᠭᠡᠭᠡᠯᠲᠡ ᠪᠡᠨ ᠬᠢᠬᠦ ᠪᠡᠷ ᠲᠥᠯᠥᠪᠯᠡᠭᠰᠡᠨ ︽Burn your maps︾ ᠺᠢᠨᠣ᠋ ᠨᠡᠶᠢᠲᠡ 102 ᠮᠢᠨᠦ᠋ᠲ ᠦᠷᠭᠦᠯᠵᠢᠯᠡᠬᠦ ᠭᠡᠨ᠎ᠡ᠃ ᠺᠢᠨᠤ᠋ ᠳᠤ ᠮᠣᠩᠭᠣᠯ ᠳᠤ ᠦᠨᠡᠬᠡᠷ ᠶᠡᠬᠡ ᠬᠠᠶᠢᠷᠠᠲᠠᠢ ᠪᠢᠴᠢᠬᠠᠨ ᠬᠦᠦ ᠶᠢᠨ ᠲᠤᠬᠠᠢ ᠥᠭᠦᠯᠡᠬᠦ ᠪᠥᠭᠡᠳ ᠲᠡᠭᠦᠨ ᠦ ᠡᠴᠢᠭᠡ᠂ ᠡᠬᠡ ᠬᠣᠭᠣᠷᠣᠨᠳᠣ ᠪᠠᠨ ᠮᠠᠰᠢ ᠶᠡᠬᠡ ᠵᠥᠷᠢᠴᠡᠯ ᠲᠡᠢ ᠪᠠᠶᠢᠭᠰᠠᠨ ᠴᠤ ᠬᠦᠦ ᠶᠢᠨ ᠢᠶᠡᠨ ᠬᠦᠰᠡᠵᠦ ᠪᠤᠢ ᠵᠦᠢᠯ ᠢ ᠪᠠᠭ᠎ᠠ ᠴᠤ ᠪᠣᠯᠲᠤᠭᠠᠢ ᠪᠡᠶᠡᠯᠡᠭᠦᠯᠵᠦ ᠥᠭᠬᠦ ᠶᠢᠨ ᠲᠥᠯᠥᠭᠡ ᠬᠠᠮᠲᠤ ᠳᠤ ᠪᠠᠨ ᠮᠣᠩᠭᠣᠯ ᠣᠷᠣᠨ ᠢ ᠵᠣᠷᠢᠬᠤ ᠠᠵᠡᠢ᠃ ᠤᠭ ᠺᠢᠨᠤ᠋ ᠳᠤ ᠮᠣᠩᠭᠣᠯ ᠤᠨ ᠦᠵᠡᠭᠴᠢᠳ ᠦᠨ ᠰᠠᠶᠢᠨ ᠮᠡᠳᠡᠬᠦ ︽The Conjuring ︾᠂ ︽Bates Motel ︾ ᠺᠢᠨᠣ᠋ ᠍ ᠪᠠᠷ ᠲᠠᠨᠢᠯ ᠪᠣᠯᠤᠭᠰᠠᠨ ᠸᠧᠷᠠ ᠹᠠᠷᠮᠢᠭᠠ ᠪᠣᠯᠤᠨ ︽The Equalizer︾᠂ ︽Aeonflux ︾ ᠵᠡᠷᠭᠡ ᠺᠢᠨᠣ᠋ ᠍ ᠪᠠᠷ ᠢᠶᠠᠨ ᠠᠯᠳᠠᠷᠲᠠᠢ ᠮᠠᠷᠲ᠋ᠤᠨ ᠴᠤᠺᠠᠱ ᠨᠠᠷ ᠤᠨ ᠠᠯᠳᠠᠷᠲᠠᠢ ᠤᠷᠠᠨ ᠪᠦᠲᠦᠭᠡᠯᠴᠢᠳ ᠲᠣᠭᠯᠠᠵᠠᠢ᠃ ᠬᠤᠯᠯᠢᠸᠤᠳ᠋ ᠤᠨ ᠠᠯᠳᠠᠷᠲᠠᠢ ᠵᠦᠴᠦᠭᠡᠴᠢᠳ ᠦᠨ ᠲᠣᠭᠯᠠᠭᠰᠠᠨ ᠤᠭ ᠺᠢᠨᠣ᠋ ᠨᠢ ᠮᠣᠩᠭᠣᠯ ᠢ ᠰᠤᠷᠲᠠᠯᠴᠢᠯᠠᠬᠤ ᠲᠣᠮᠣ ᠪᠣᠯᠤᠮᠵᠢ ᠭᠡᠵᠦ ᠤᠷᠠᠨ ᠪᠦᠲᠦᠭᠡᠯᠴᠢᠳ ᠬᠠᠷᠠᠵᠤ ᠪᠠᠶᠢᠭ᠎ᠠ ᠶᠤᠮ᠃