ᠢᠷᠡᠨ ᠤᠷᠤᠭᠤ ᠭᠠᠷᠭᠠᠬᠤ ᠮᠢᠬᠠᠨ ᠤ ᠬᠡᠮᠵᠢᠶ᠎ᠡ ᠪᠠᠭᠤᠷᠠᠵᠠᠢ | News.MN

ᠢᠷᠡᠨ ᠤᠷᠤᠭᠤ ᠭᠠᠷᠭᠠᠬᠤ ᠮᠢᠬᠠᠨ ᠤ ᠬᠡᠮᠵᠢᠶ᠎ᠡ ᠪᠠᠭᠤᠷᠠᠵᠠᠢ

ᠮᠣᠩᠭᠣᠯ ᠤᠯᠤᠰ ᠰᠡᠭᠦᠯ ᠦᠨ ᠰᠠᠩᠬᠦᠦ ᠶᠢᠨ ᠵᠢᠯ  ︵2019 ᠣᠨ ᠤ ᠭᠤᠷᠪᠠᠳᠤᠭᠠᠷ ᠰᠠᠷ᠎ᠠ ᠶᠢᠨ 20 ᠍ ᠳᠦ ᠳᠠᠭᠤᠰᠤᠭᠰᠠᠨ︶ ᠳᠤ ᠢᠰᠯᠠᠮ ᠤᠨ ᠪᠦᠭᠦᠳᠡ ᠨᠠᠶᠢᠷᠠᠮᠳᠠᠬᠤ ᠢᠷᠡᠨ ᠤᠯᠤᠰ ᠲᠠᠢ 11.44 ᠰᠠᠶ᠎ᠠ ᠳ᠋ᠣᠯᠯᠠᠷ ᠤᠨ ᠬᠤᠳᠠᠯᠳᠤᠭ᠎ᠠ ᠬᠢᠵᠡᠢ ᠃ ᠡᠨᠡ ᠨᠢ 2017 ᠣᠨ ᠤ ᠬᠢ ᠠᠴᠠ 23.16 ᠬᠤᠪᠢ ᠪᠠᠷ ᠪᠠᠭᠤᠷᠠᠭᠰᠠᠨ ᠦᠵᠡᠭᠦᠯᠦᠯᠲᠡ ᠪᠣᠯᠤᠭᠰᠠᠨ ᠪᠠᠶᠢᠨ᠎ᠠ᠃ ᠪᠠᠷᠠᠭ᠎ᠠ ᠪᠦᠲᠦᠭᠡᠭᠳᠡᠬᠦᠨ ᠦ ᠬᠡᠮᠵᠢᠶ᠎ᠡ 2523 ᠲᠣᠨ ᠪᠠᠶᠢᠭᠰᠠᠨ ᠨᠢ ᠮᠥᠨ ᠯᠠ ᠥᠩᠭᠡᠷᠡᠭᠰᠡᠨ ᠵᠢᠯ ᠦᠨ ᠬᠢ ᠡᠴᠡ 18.14  ᠬᠤᠪᠢ ᠪᠠᠷ ᠪᠠᠭᠤᠷᠠᠭᠰᠠᠨ ᠦᠵᠡᠭᠦᠯᠦᠯᠲᠡ ᠠᠵᠡᠢ᠃ ᠭᠡᠬᠦ ᠳᠦ ᠪᠡᠨ ᠡᠨᠡᠬᠦ ᠲᠣᠭᠠᠴᠠᠭᠠᠨ ᠳᠤ ᠭᠠᠵᠠᠷ ᠤᠨ ᠲᠣᠰᠤᠨ ᠤ ᠪᠤᠰᠤ ᠪᠦᠲᠦᠭᠡᠭᠳᠡᠬᠦᠨ ᠢ ᠯᠠ ᠣᠷᠣᠭᠤᠯᠵᠤ ᠲᠣᠭᠠᠴᠠᠭᠰᠠᠨ ᠪᠠᠶᠢᠨ᠎ᠠ᠃
ᠭᠠᠳᠠᠭᠠᠳᠤ ᠬᠤᠳᠠᠯᠳᠤᠭ᠎ᠠ ᠶᠢ ᠵᠠᠳᠠᠯᠪᠠᠯ᠂ ᠢᠷᠡᠨ ᠤᠯᠤᠰ ᠮᠣᠩᠭᠣᠯ ᠤᠷᠤᠭᠤ 253 712 ᠳ᠋ᠣᠯᠯᠠᠷ ᠤᠨ 442 ᠲᠣᠨ ᠪᠠᠷᠠᠭ᠎ᠠ ᠡᠺᠰᠫᠤᠷᠲᠯᠤᠭᠰᠠᠨ ᠪᠥᠭᠡᠳ ᠪᠠᠷᠠᠭ᠎ᠠ ᠪᠦᠲᠦᠭᠡᠭᠳᠡᠬᠦᠨ ᠦ ᠲᠣᠭ᠎ᠠ ᠬᠡᠮᠵᠢᠶ᠎ᠡ 14.82᠂ ᠮᠥᠩᠭᠥᠨ ᠳ᠋ᠦᠩ 69.35 ᠬᠤᠪᠢ ᠪᠠᠷ ᠪᠠᠭᠤᠷᠠᠭᠰᠠᠨ ᠦᠵᠡᠭᠦᠯᠦᠯᠲᠡ ᠪᠣᠯᠵᠤ ᠪᠠᠶᠢᠨ᠎ᠠ᠃ ᠢᠷᠠᠨ ᠠᠴᠠ ᠮᠠᠨ ᠤ ᠳᠤ ᠦᠵᠦᠮ᠂ ᠬᠠᠨ ᠪᠣᠷᠭᠣᠴᠠᠢ ᠶᠢᠨ ᠰᠢᠭᠦᠰᠦ᠂ ᠱᠣᠺᠣᠯᠠᠳ᠋ ᠵᠡᠷᠭᠡ ᠪᠦᠲᠦᠭᠡᠭᠳᠡᠬᠦᠨ ᠣᠷᠣᠵᠤ ᠢᠷᠡᠳᠡᠭ ᠶᠤᠮ ᠪᠠᠶᠢᠨ᠎ᠠ᠃ ᠮᠣᠩᠭᠣᠯ ᠤᠯᠤᠰ ᠢᠷᠡᠨ ᠤᠷᠤᠭᠤ 11.18 ᠰᠠᠶ᠎ᠠ ᠳ᠋ᠣᠯᠯᠠᠷ ᠤᠨ ᠦᠨ᠎ᠡ ᠪᠦᠬᠦᠢ 2102 ᠲᠣᠨ ᠪᠠᠷᠠᠭ᠎ᠠ ᠪᠦᠲᠦᠭᠡᠭᠳᠡᠬᠦᠨ ᠭᠠᠷᠭᠠᠵᠠᠢ᠃ ᠡᠨᠡ ᠨᠢ ᠮᠥᠩᠭᠥᠨ ᠳ᠋ᠦᠩ ᠂ ᠲᠣᠭ᠎ᠠ ᠬᠡᠮᠵᠢᠶᠡᠨ ᠦ ᠬᠤᠪᠢ ᠳᠤ ᠮᠥᠨ ᠯᠠ ᠥᠩᠭᠡᠷᠡᠭᠰᠡᠨ ᠣᠨ ᠤ ᠬᠢ ᠠᠴᠠ 18.77᠂ 20.45  ᠬᠤᠪᠢ ᠪᠠᠷ ᠪᠠᠭᠤᠷᠠᠭᠰᠠᠨ ᠦᠵᠡᠭᠦᠯᠦᠯᠲᠡ  ᠠᠵᠠᠢ᠃ ᠪᠠᠷᠠᠭᠠᠨ ᠤ ᠳᠡᠶᠢᠯᠦᠩᠬᠢ ᠶᠢ ᠬᠣᠨᠢᠨ ᠤ ᠮᠢᠬ᠎ᠠ ᠡᠵᠡᠯᠡᠵᠡᠢ᠃

ᠰᠡᠳᠬᠢᠭᠳᠡᠯ ᠦᠯᠡᠳᠡᠭᠡᠬᠦ