︽ᠤᠪᠰᠤ ᠨᠠᠭᠤᠷ︾ ᠪᠥᠬᠡ ᠶᠢᠨ ᠭᠠᠯ ᠢ ᠡᠭᠦᠰᠬᠡᠨ ᠪᠠᠶᠢᠭᠤᠯᠤᠭᠰᠠᠨ ᠤ 20 ᠵᠢᠯ ᠦᠨ ᠣᠢ ᠶᠢᠨ ᠬᠦᠷᠢᠶᠡᠨ ᠳᠦ ︽ᠮᠣᠩᠭᠣᠯ ᠪᠥᠬᠡ ᠶᠢᠨ ᠪᠠᠶᠠᠷ︾ ᠪᠥᠬᠡ ᠶᠢᠨ ᠪᠠᠷᠢᠯᠳᠤᠭᠠᠨ 05 ᠰᠠᠷ᠎ᠠ ᠶᠢᠨ19 ᠳᠦ ᠪᠣᠯᠤᠭᠰᠠᠨ᠃ ᠤᠭ ᠣᠢ ᠳᠤ ᠵᠣᠷᠢᠭᠤᠯᠤᠭᠰᠠᠨ ᠬᠦᠴᠦᠲᠦ 256 ᠪᠥᠬᠡ ᠶᠢᠨ ᠪᠠᠷᠢᠯᠳᠤᠭᠠᠨ ᠳᠤ ᠤᠯᠤᠰ ᠤᠨ ᠠᠪᠤᠷᠭᠤ ᠰ∙ ᠮᠥᠩᠬᠡᠪᠠᠲᠤ ᠲᠦᠷᠦᠭᠦᠯᠡᠵᠦ᠂ ᠤᠯᠤᠰ ᠤᠨ ᠠᠪᠤᠷᠭᠤ ᠨ∙ᠪᠠᠲᠤᠰᠠᠭᠤᠷᠢ ᠦᠵᠦᠭᠦᠷᠯᠡᠭᠰᠡᠨ ᠪᠥᠭᠡᠳ ᠡᠨᠡ ᠦᠶ᠎ᠡ ᠪᠡᠷ ᠪᠥᠬᠡ ᠰᠣᠨᠢᠷᠬᠠᠴᠢᠳ ᠤᠨ ᠠᠩᠬᠠᠷᠤᠯ ᠢ ᠲᠠᠲᠠᠭᠰᠠᠨ ᠨᠢ ᠤᠯᠤᠰ ᠤᠨ ᠬᠠᠷᠴᠠᠭ᠎ᠠ ᠪ∙ᠪᠠᠲᠤ-ᠥᠯᠵᠡᠢ ᠪᠠᠷᠢᠯᠳᠤᠵᠤ᠂ ᠲᠠᠪᠤ ᠳᠠᠪᠠᠭᠰᠠᠨ ᠶᠠᠪᠤᠳᠠᠯ᠃ ᠤᠴᠢᠷ ᠨᠢ ᠲᠡᠷᠡ 2018 ᠣᠨ ᠳᠤ ᠰᠡᠷᠭᠦᠭᠡᠰᠢ ᠬᠡᠷᠡᠭᠯᠡᠭᠰᠡᠨ ᠨᠢ ᠰᠢᠨᠵᠢᠯᠡᠭᠡᠨ ᠢᠶᠡᠷ ᠲᠣᠭᠲᠠᠭᠠᠭᠳᠠᠵᠤ᠂ ᠬᠣᠶᠠᠷ ᠵᠢᠯ ᠪᠠᠷᠢᠯᠳᠤᠬᠤ ᠡᠷᠬᠡ ᠪᠡᠨ ᠬᠠᠰᠤᠭᠤᠯᠤᠭᠰᠠᠨ ᠪᠢᠯᠡ᠃ ᠲᠡᠭᠦᠨ ᠦ ᠪᠠᠷᠢᠯᠳᠤᠬᠤ ᠡᠷᠬᠡ ᠶᠢ ᠰᠡᠷᠭᠦᠭᠡᠭᠰᠡᠨ ᠤᠴᠢᠷ ᠠᠴᠠ ︽ᠤᠪᠰᠤ ᠨᠠᠭᠤᠷ︾ ᠪᠥᠬᠡ ᠶᠢᠨ ᠭᠠᠯ ᠤᠨ ᠣᠢ ᠳᠤ ᠪᠠᠨ ᠢᠷᠡᠵᠦ ᠵᠣᠳᠣᠭᠯᠠᠭᠰᠠᠨ ᠲᠤᠬᠠᠢ ᠮᠡᠳᠡᠭᠡᠯᠡᠯ ᠰᠠᠴᠤᠭᠳᠠᠭᠰᠠᠨ ᠴᠤ ᠦᠨᠳᠦᠰᠦᠨ ᠦ ᠪᠥᠬᠡ ᠶᠢᠨ ᠬᠣᠯᠪᠣᠭᠠᠨ ᠠᠴᠠ 05 ᠰᠠᠷ᠎ᠠ ᠶᠢᠨ20 ᠳᠦ ᠤᠭ ᠮᠡᠳᠡᠭᠡᠯᠡᠯ ᠢ ᠨᠢᠴᠤᠭᠠᠵᠤ ᠄ ᠤᠯᠤᠰ ᠤᠨ ᠭᠠᠷᠤᠳᠢ ᠥ᠊∙ᠪᠠᠲᠤ-ᠣᠷᠣᠰᠢᠬᠤ ᠶᠢᠨ ᠪᠠᠷᠢᠯᠳᠤᠬᠤ ᠡᠷᠬᠡ ᠶᠢ ᠰᠡᠷᠭᠦᠭᠡᠭᠰᠡᠨ ᠦᠭᠡᠢ ᠭᠡᠰᠡᠨ ᠶᠤᠮ᠃
ᠪᠣᠯᠤᠭᠰᠠᠨ ᠶᠠᠪᠤᠳᠠᠯ ᠢ ᠡᠷᠭᠢᠨ ᠰᠠᠨᠠᠭᠤᠯᠪᠠᠯ᠂ 2018 ᠣᠨ ᠳᠤ ᠦᠨᠳᠦᠰᠦᠨ ᠦ ᠪᠥᠬᠡ ᠶᠢᠨ 43 ᠲᠠᠮᠢᠷᠴᠢᠨ ᠢ ᠭᠡᠨᠡᠳᠲᠡ ᠶᠢᠨ ᠰᠢᠨᠵᠢᠯᠡᠭᠡᠨ ᠳᠦ ᠬᠠᠮᠤᠷᠤᠭᠤᠯᠬᠤ ᠳᠤ ᠤᠯᠤᠰ ᠤᠨ ᠭᠠᠷᠤᠳᠢ ᠥ᠊ ∙ ᠪᠠᠲᠤ-ᠤᠷᠤᠰᠢᠬᠤ ᠲᠡᠷᠢᠭᠦᠲᠡᠢ ᠳᠣᠯᠣᠭᠠᠨ ᠪᠥᠬᠡ ᠬᠣᠷᠢᠭ᠎ᠠ ᠲᠠᠢ ᠪᠣᠳᠠᠰ ᠬᠡᠷᠡᠭᠯᠡᠭᠰᠡᠨ ᠨᠢ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠳᠠᠬᠢ ᠣᠯᠠᠨ ᠤᠯᠤᠰ ᠤᠨ ᠣᠯᠢᠮᠫ ᠤᠨ ᠬᠣᠷᠢᠶᠠᠨ ᠤ ᠢᠲᠡᠭᠡᠮᠵᠢᠯᠡᠭᠳᠡᠭᠰᠡᠨ ᠯᠠᠪᠤᠷᠠᠲ᠋ᠣᠷᠢ ᠶᠢᠨ ᠰᠢᠨᠵᠢᠯᠡᠭᠡᠨ ᠢᠶᠠᠷ ᠲᠣᠭᠲᠠᠭᠠᠭᠳᠠᠭᠰᠠᠨ ᠪᠢᠯᠡ᠃ ᠲᠡᠶᠢᠮᠦ ᠡᠴᠡ ᠲᠡᠳᠡᠨ ᠦ ᠪᠠᠷᠢᠯᠳᠤᠬᠤ ᠡᠷᠬᠡ ᠶᠢ 2018 ᠣᠨ ᠤ ᠬᠣᠶᠠᠳᠤᠭᠠᠷ ᠰᠠᠷ᠎ᠠ ᠶᠢᠨ 1 ᠦ ᠡᠳᠦᠷ ᠡᠴᠡ ᠡᠬᠢᠯᠡᠨ ᠬᠣᠶᠠᠷ ᠵᠢᠯ ᠢᠶᠡᠷ ᠲᠦᠳᠡᠭᠡᠯᠵᠡᠭᠦᠯᠦᠭᠰᠡᠨ ᠃ ᠥ᠊∙ᠪᠠᠲᠤ-ᠤᠷᠤᠰᠢᠬᠤ 2019 ᠣᠨ ᠤ ᠬᠣᠶᠠᠳᠤᠭᠠᠷ ᠰᠠᠷ᠎ᠠ ᠳᠤ ᠰᠸᠢᠰ ᠤᠨ ᠣᠯᠠᠨ ᠤᠯᠤᠰ ᠤᠨ ᠠᠶᠠᠯᠠᠯ ᠵᠢᠭᠤᠯᠴᠢᠯᠠᠯ ᠤᠨ ᠦᠵᠡᠰᠬᠦᠯᠡᠩ ᠳᠦ ᠤᠯᠤᠰ ᠤᠨ ᠠᠷᠰᠯᠠᠨ ᠫ∙ᠪᠦᠷᠢᠨᠲᠡᠭᠦᠰ ᠦᠨ ᠬᠠᠮᠲᠤ ᠣᠷᠣᠯᠴᠠᠵᠤ᠂ ᠮᠣᠩᠭᠣᠯ ᠪᠥᠬᠡ ᠶᠢᠨ ᠳᠡᠪᠢᠭᠡ ᠰᠢᠪᠠᠭ᠎ᠠ ᠶᠢ ᠦᠵᠡᠭᠦᠯᠵᠦ᠂ ᠦᠨᠳᠦᠰᠦᠨ ᠦ ᠪᠥᠬᠡ ᠪᠡᠨ ᠰᠤᠷᠲᠠᠴᠢᠯᠠᠵᠤ ᠪᠠᠶᠢᠪᠠ᠃