ᠶᠤᠸᠠᠨ ‍ᠣ ᠬᠠᠩᠰᠢ ᠰᠤᠯᠠᠷᠠᠵᠤ ᠪᠠᠶᠢᠨ᠎ᠠ    | News.MN

ᠶᠤᠸᠠᠨ ‍ᠣ ᠬᠠᠩᠰᠢ ᠰᠤᠯᠠᠷᠠᠵᠤ ᠪᠠᠶᠢᠨ᠎ᠠ   

ᠮᠤᠩᠭᠤᠯ ᠪᠠᠩᠭᠢᠨ ᠤ ᠲᠥᠭᠥᠷᠢᠭ ᠦᠨ ᠶᠤᠸᠠᠨ ᠲᠠᠢ ᠬᠠᠷᠢᠴᠠᠬᠤ ᠨᠡᠷᠡᠯᠡᠭᠰᠡᠨ ᠳᠤᠮᠳᠠᠴᠢ ᠬᠠᠩᠰᠢ 2019 ᠣᠨ ᠤ ᠳᠥᠷᠪᠡᠳᠦᠭᠡᠷ ᠰᠠᠷ᠎ᠠ ᠳᠤ 392.28 ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ ᠡᠴᠡ 3.2 ᠬᠤᠪᠢ ᠪᠠᠷ ᠰᠤᠯᠠᠷᠠᠭᠰᠠᠨ ᠲᠠᠯ᠎ᠠ ᠪᠠᠷ ᠰᠠᠶ᠋ᠢᠬᠠᠨ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠭᠰᠡᠨ᠃ 05 ᠰᠠᠷ᠎ᠠ ᠶᠢᠨ21 ‍ᠣ ᠪᠠᠶᠢᠳᠠᠯ ᠢᠶᠠᠷ ᠮᠤᠩᠭᠤᠯ ᠪᠠᠩᠭᠢᠨ ᠤ ᠲᠥᠭᠥᠷᠢᠭ ᠦᠨ ᠶᠤᠸᠠᠨ ᠲᠠᠢ ᠬᠠᠷᠢᠴᠠᠬᠤ ᠨᠡᠷᠡᠯᠡᠭᠰᠡᠨ ᠳᠤᠮᠳᠠᠴᠢ ᠬᠠᠩᠰᠢ 382.98 ᠲᠥᠭᠥᠷᠢᠭ ᠲᠡᠢ ᠲᠡᠩᠴᠡᠵᠦ ᠪᠠᠶᠢᠨ᠎ᠠ᠃
ᠡᠨᠡ ᠲᠠᠯ᠎ᠠ ᠪᠠᠷ ᠮᠤᠩᠭᠤᠯ ᠪᠠᠩᠭᠢᠨ ᠤ ᠲᠡᠷᠢᠭᠦᠨ ᠳᠡᠳ᠋ ᠶᠡᠷᠦᠩᠬᠡᠶᠢᠯᠡᠭᠴᠢ ᠪ∙ᠯᠾᠬᠠᠪᠠᠰᠦ᠋ᠷᠦᠩ ᠡᠴᠡ ᠲᠣᠳᠣᠷᠠᠭᠤᠯᠤᠯ᠎ᠠ᠃ ᠲᠡᠷᠡᠪᠡᠷ ᠄ᠠᠮᠧᠷᠢᠺᠠ  ᠪᠣᠯᠤᠨ ᠬᠢᠲᠠᠳ  ᠤᠨ ᠭᠠᠳᠠᠭᠠᠳᠤ ᠬᠤᠳᠠᠯᠳᠤᠭᠠᠨ ᠤ ᠬᠠᠷᠢᠯᠴᠠᠭ᠎ᠠ ᠨᠡᠯᠢᠶᠡᠳ ᠮᠠᠷᠭᠤᠭᠠᠨ ᠲᠠᠢ ᠪᠠᠶᠢᠭ᠎ᠠ᠃ ᠣᠯᠠᠨ ᠤᠯᠤᠰ ᠲᠤ ᠬᠤᠳᠠᠯᠳᠤᠭᠠᠨ ᠤ ᠳᠠᠶᠢᠨ ᠡᠬᠢᠯᠡᠯ᠎ᠡ ᠭᠡᠵᠦ ᠶᠠᠷᠢᠵᠤ ᠪᠠᠶᠢᠭ᠎ᠠ᠃ ᠡᠶᠢᠮᠦ ᠨᠥᠬᠥᠴᠡᠯ ᠳᠦ ᠠᠯᠢ ᠠᠯᠢᠨ ᠳᠤ ᠨᠢ ᠡᠷᠡᠰᠳᠡᠯ ᠤᠴᠠᠷᠠᠬᠤ ᠮᠠᠭᠠᠳᠯᠠᠯ ᠲᠠᠢ ᠶᠤᠮ᠃ ᠢᠯᠠᠩᠭᠤᠶ᠎ᠠ ᠠᠮᠧᠷᠢᠺᠠ ᠨᠡᠯᠢᠶᠡᠳ ᠬᠠᠲᠠᠭᠤ ᠪᠠᠶᠢᠷᠢ ᠰᠠᠭᠤᠷᠢ ᠲᠠᠢ ᠪᠠᠶᠢᠭ᠎ᠠ ᠤᠴᠢᠷ ᠠᠴᠠ ᠬᠢᠲᠠᠳ ᠤᠨ ᠭᠠᠳᠠᠭᠠᠳᠤ ᠬᠤᠳᠠᠯᠳᠤᠭᠠᠨ ᠤ ᠬᠤᠪᠢ ᠳᠤ ᠮᠥᠩᠭᠥᠨ ᠲᠡᠮᠳᠡᠭ ᠨᠢ ᠮᠠᠰᠢ ᠴᠢᠬᠤᠯᠠ᠃ ᠬᠢᠲᠠᠳ ᠤᠨ ᠭᠠᠳᠠᠭᠠᠳᠤ ᠬᠤᠳᠠᠯᠳᠤᠭᠠᠨ ᠳᠤ ᠡᠷᠡᠰᠳᠡᠯ ᠤᠴᠠᠷᠠᠪᠠᠯ ᠮᠥᠩᠭᠥᠨ ᠲᠡᠮᠳᠡᠭᠲᠦ ᠶᠢᠨ ᠪᠠᠲᠤᠯᠠᠭᠠᠨ ᠳᠤ ᠳᠠᠪᠬᠤᠷ ᠡᠷᠡᠰᠳᠡᠯ ᠤᠴᠠᠷᠠᠨ᠎ᠠ ᠭᠡᠵᠦ ᠡᠳ᠋ ᠍ ᠦᠨ ᠵᠠᠰᠠᠭᠴᠢᠳ ᠦᠵᠡᠳᠡᠭ᠃ ᠡᠨᠡ ᠡᠭᠦᠳᠡᠨ ᠡᠴᠡ ᠣᠯᠠᠨ ᠤᠯᠤᠰ ᠤᠨ ᠵᠠᠬ᠎ᠠ ᠵᠡᠭᠡᠯᠢ ᠳᠦ ᠶᠤᠸᠠᠨ ᠤᠨ ᠬᠠᠩᠰᠢ ᠲᠣᠳᠣᠷᠬᠠᠢ ᠬᠡᠮᠵᠢᠶ᠎ᠡ ᠪᠡᠷ ᠰᠤᠯᠠᠷᠠᠵᠤ ᠪᠠᠶᠢᠭ᠎ᠠ᠃  ᠡᠨᠡ ᠨᠢ ᠬᠢᠲᠠᠳ  ᠲᠠᠢ ᠭᠠᠳᠠᠭᠠᠳᠤ ᠬᠤᠳᠠᠯᠳᠤᠭᠠᠨ ᠤ ᠰᠠᠯᠪᠤᠷᠢ ᠳᠤ ᠬᠠᠮᠲᠤᠷᠠᠵᠤ ᠠᠵᠢᠯᠯᠠᠳᠠᠭ ᠤᠯᠤᠰ ᠣᠷᠣᠨ ᠨᠤᠭᠤᠳ ᠲᠤ ᠲᠣᠳᠣᠷᠬᠠᠢ ᠬᠡᠮᠵᠢᠶᠡᠨ ᠳᠦ ᠨᠥᠯᠦᠭᠡᠯᠡᠵᠦ᠂ ᠶᠤᠸᠠᠨ ᠤᠨ ᠬᠠᠩᠰᠢ ᠰᠤᠯᠠᠷᠠᠬᠤ ᠨᠢ ᠠᠰᠢᠭ ᠲᠠᠢ ᠴᠤ ᠪᠠᠶᠢᠵᠤ ᠮᠠᠭᠠᠳ ᠦᠭᠡᠢ᠃ ᠡᠰᠡᠪᠡᠯ ᠬᠢᠲᠠᠳ ᠲᠤ ᠪᠠᠷᠠᠭ᠎ᠠ ᠪᠦᠲᠦᠭᠡᠭᠳᠡᠬᠦᠨ ᠢᠶᠡᠨ ᠶᠤᠸᠠᠨ ᠢᠶᠠᠷ ᠨᠢ ᠵᠠᠷᠤᠴᠢᠬᠠᠳᠠᠭ ᠤᠯᠤᠰ ᠤᠳ ᠲᠤ ᠰᠤᠯᠢᠵᠤ ᠪᠤᠢ ᠮᠥᠩᠭᠥᠨ ᠲᠡᠮᠳᠡᠭᠲᠦ ᠨᠢ ᠰᠤᠯᠠᠷᠠᠬᠤ ᠨᠢ ᠠᠰᠢᠭᠲᠠᠢ᠃ ᠲᠡᠭᠡᠬᠦ ᠪᠡᠷ ᠶᠤᠸᠠᠨ ‍ᠣ ᠬᠠᠩᠰᠢ ᠰᠤᠯᠠᠷᠠᠬᠤ ᠨᠢ ᠳᠡᠯᠡᠬᠡᠢ ᠶᠢᠨ ᠤᠯᠤᠰ ᠣᠷᠣᠨ ᠨᠤᠭᠤᠳ ᠲᠤ ᠬᠣᠶᠠᠷ ᠲᠠᠯ᠎ᠠ ᠲᠠᠢ ᠯᠠ ᠪᠠᠶᠢᠨ᠎ᠠ ᠪᠠᠶᠢᠬᠤ ᠭᠡᠪᠡ ᠃

 

ᠰᠡᠳᠬᠢᠭᠳᠡᠯ ᠦᠯᠡᠳᠡᠭᠡᠬᠦ