800 ᠵᠢᠯ ᠦᠨ ᠡᠮᠦᠨ᠎ᠡ ᠡᠴᠡ ᠬᠡᠷᠡᠭᠯᠡᠵᠦ ᠪᠠᠶᠢᠭᠰᠠᠨ ᠵᠣᠭᠣᠰ ᠢ ᠳᠡᠯᠭᠡᠵᠡᠢ | News.MN

800 ᠵᠢᠯ ᠦᠨ ᠡᠮᠦᠨ᠎ᠡ ᠡᠴᠡ ᠬᠡᠷᠡᠭᠯᠡᠵᠦ ᠪᠠᠶᠢᠭᠰᠠᠨ ᠵᠣᠭᠣᠰ ᠢ ᠳᠡᠯᠭᠡᠵᠡᠢ

ᠭ∙ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠳᠦ ︽ᠪᠠᠩᠬᠢᠨ ᠤ ᠬᠥᠭᠵᠢᠯ-95︾ ᠦᠵᠡᠰᠬᠦᠯᠡᠩ ᠨᠡᠭᠡᠭᠡᠭᠳᠡᠵᠡᠢ᠃ ᠥᠴᠥᠭᠡᠳᠦᠷ ᠡᠴᠡ ᠦᠵᠡᠭᠴᠢᠳ ᠦᠨ ᠬᠦᠷᠲᠡᠭᠡᠯ ᠪᠣᠯᠤᠭᠰᠠᠨ ᠤᠭ ᠦᠵᠡᠰᠬᠦᠯᠡᠩ ᠳᠦ 800 ᠭᠠᠷᠤᠢ ᠵᠢᠯ ᠦᠨ ᠡᠮᠦᠨᠡᠬᠢ ᠮᠣᠩᠭᠣᠯᠴᠤᠳ ᠤᠨ ᠬᠡᠷᠡᠭᠯᠡᠵᠦ ᠪᠠᠶᠢᠭᠰᠠᠨ ᠠᠯᠲᠠ᠂ ᠮᠥᠩᠭᠥᠨ ᠵᠣᠭᠣᠰᠤᠨ ᠠᠴᠠ ᠡᠬᠢᠯᠡᠭᠡᠳ ᠮᠠᠨᠵᠤ ᠴᠢᠩ ᠤᠯᠤᠰ ᠤᠨ ᠦᠶ᠎ᠡ ᠶᠢᠨ ᠮᠥᠩᠭᠥᠨ ᠶᠤᠸᠠᠮᠪᠤᠤ᠂ ᠠᠷᠠᠳ ᠤᠨ ᠬᠤᠪᠢᠰᠬᠠᠯ ᠤᠨ ᠡᠬᠢᠨ ᠦᠶ᠎ᠡ᠂ ᠪᠣᠭᠳᠠ ᠬᠠᠭᠠᠨᠲᠤ ᠮᠣᠩᠭᠣᠯ ᠤᠯᠤᠰ ᠤᠨ ᠠᠩᠬᠠᠨ ᠤ ᠴᠠᠭᠠᠰᠤᠨ ᠮᠥᠩᠭᠥᠨ ᠲᠡᠮᠳᠡᠭᠲᠦ᠂ 1925 ᠣᠨ ᠠᠴᠠ ᠬᠣᠶᠢᠰᠢ ᠥᠨᠥ ᠶᠢ ᠬᠦᠷᠲᠡᠯᠡᠬᠢ ᠦᠨᠳᠦᠰᠦᠨ ᠦ ᠮᠥᠩᠭᠥᠨ ᠲᠡᠮᠳᠡᠭᠲᠦ ᠲᠥᠭᠥᠷᠢᠭ ᠦᠨ ᠵᠠᠭᠪᠤᠷ ᠬᠢᠴᠡ ᠬᠡᠷᠬᠢᠨ ᠥᠭᠡᠷᠡᠴᠢᠯᠡᠭᠳᠡᠵᠦ ᠢᠷᠡᠭᠰᠡᠨ ᠢ ᠣᠯᠠᠨ ᠨᠡᠶᠢᠲᠡ ᠳᠦ ᠲᠣᠯᠢᠯᠠᠭᠤᠯᠵᠤ ᠪᠠᠶᠢᠭ᠎ᠠ ᠶᠤᠮ᠃
ᠮᠣᠩᠭᠣᠯ ᠤᠯᠤᠰ ᠲᠤ ᠪᠠᠩᠬᠢᠨ ᠤ ᠰᠠᠯᠪᠤᠷᠢ  ᠡᠭᠦᠰᠴᠦ ᠬᠥᠭᠵᠢᠭᠰᠡᠨ ᠦ 95 ᠵᠢᠯ ᠦᠨ ᠣᠢ ᠶᠢ ᠤᠭᠲᠤᠨ ᠮᠣᠩᠭᠣᠯ ᠪᠠᠩᠬᠢ᠂ ᠮᠣᠩᠭᠣᠯ ᠤᠨ ᠪᠠᠩᠬᠢᠨ ᠤ ᠬᠣᠯᠪᠣᠭ᠎ᠠ᠂ ᠮᠣᠩᠭᠣᠯ ᠤᠨ ᠵᠣᠭᠣᠰ ᠰᠤᠳᠤᠯᠤᠯ ᠤᠨ ᠬᠣᠯᠪᠣᠭ᠎ᠠ ᠲᠠᠢ ᠬᠠᠮᠲᠤᠷᠠᠨ ᠵᠣᠬᠢᠶᠠᠨ ᠪᠠᠶᠢᠭᠤᠯᠵᠤ ᠪᠤᠢ ᠤᠭ ᠦᠵᠡᠰᠬᠦᠯᠡᠩ ᠡᠴᠡ ᠲᠥᠪ ᠪᠠᠩᠬᠢᠨ ᠠᠴᠠ ᠭᠠᠷᠭᠠᠵᠤ ᠪᠠᠶᠢᠭᠰᠠᠨ ᠳᠤᠷᠠᠰᠬᠠᠯ ᠤᠨ ᠵᠣᠭᠣᠰ᠂ 1990 ᠍ ᠊ᠭᠡᠳ ᠣᠨ ᠠᠴᠠ ᠬᠣᠶᠢᠰᠢ ᠪᠠᠩᠬᠢ᠂ ᠰᠠᠩᠬᠦᠦ ᠶᠢᠨ ᠰᠠᠯᠪᠤᠷᠢ ᠳᠤ ᠠᠰᠢᠭᠯᠠᠵᠤ ᠡᠬᠢᠯᠡᠭᠰᠡᠨ ᠠᠩᠬᠠᠨ ᠤ ᠫᠣᠰ ᠮᠠᠰᠢᠨ᠂ ᠮᠣᠩᠭᠣᠯ ᠤᠯᠤᠰ ᠲᠤ ᠠᠩᠬ᠎ᠠ ᠤᠳᠠᠭ᠎ᠠ ᠢᠯᠡᠷᠡᠭᠦᠯᠦᠭᠰᠡᠨ  ᠬᠠᠭᠤᠷᠠᠮᠴᠢ ᠮᠥᠩᠭᠥᠨ ᠲᠡᠮᠳᠡᠭᠲᠦ ᠵᠡᠷᠭᠡ ᠰᠣᠨᠢᠷᠬᠠᠯᠲᠠᠢ ᠣᠯᠠᠨ ᠦᠵᠡᠮᠦᠷᠢ ᠶᠢ ᠰᠣᠨᠢᠷᠬᠠᠵᠤ ᠪᠣᠯᠤᠨ᠎ᠠ᠃

ᠰᠡᠳᠬᠢᠭᠳᠡᠯ ᠦᠯᠡᠳᠡᠭᠡᠬᠦ