ᠪ∙ᠰᠢᠷᠠᠪ ᠤᠨ ᠠᠯᠲᠠᠨ ᠫᠢᠶᠠᠨᠰᠠ ᠶᠢ ᠯᠣᠨᠳᠣᠨ ᠠᠴᠠ ᠠᠪᠴᠢᠷᠠᠵᠠᠢ | News.MN

ᠪ∙ᠰᠢᠷᠠᠪ ᠤᠨ ᠠᠯᠲᠠᠨ ᠫᠢᠶᠠᠨᠰᠠ ᠶᠢ ᠯᠣᠨᠳᠣᠨ ᠠᠴᠠ ᠠᠪᠴᠢᠷᠠᠵᠠᠢ

ᠮᠣᠩᠭᠣᠯ ᠤᠨ ᠰᠣᠩᠭᠣᠳᠠᠭ ᠬᠥᠭᠵᠢᠮ ᠦᠨ ᠰᠢᠨ᠎ᠡ ᠴᠢᠭ ᠬᠠᠨᠳᠤᠯᠭ᠎ᠠ ᠶᠢ ᠲᠣᠳᠣᠷᠬᠠᠶᠢᠯᠠᠵᠤ᠂ ᠲᠡᠭᠦᠨ ᠢ ᠪᠡᠨ ᠣᠯᠠᠨ ᠤᠯᠤᠰ ᠲᠤ ᠲᠤᠩᠬᠠᠭᠯᠠᠨ ᠰᠣᠨᠣᠷᠳᠠᠭᠤᠯᠤᠭᠰᠠᠨ ᠬᠥᠭᠵᠢᠮ ᠦᠨ ᠵᠣᠬᠢᠶᠠᠯᠴᠢ ᠪ∙ᠰᠢᠷᠠᠪ ᠤᠨ  ︽ᠬᠣᠶᠠᠳᠤᠭᠠᠷ  ᠰᠢᠮᠫᠤᠨᠢ︾ ᠠᠯᠲᠠᠨ ᠫᠢᠶᠠᠨᠰᠠ ᠶᠢ ᠯᠣᠨᠳᠣᠨ ᠬᠣᠲᠠ ᠠᠴᠠ ᠠᠪᠴᠢᠷᠠᠵᠠᠢ᠃ ᠡᠨᠡᠬᠦ ᠫᠢᠶᠠᠨᠰᠠ  ᠶᠢ ᠳᠡᠯᠡᠬᠡᠢ ᠶᠢᠨ ᠠᠯᠳᠠᠷᠲᠠᠨ ᠨᠤᠭᠤᠳ ᠤᠨ ᠫᠢᠶᠠᠨᠰᠠ  ᠶᠢ ᠦᠢᠯᠡᠳᠪᠦᠷᠢᠯᠡᠵᠦ ᠢᠷᠡᠭᠰᠡᠨ ᠠᠯᠳᠠᠷᠲᠤ EMI 1440 ᠲᠥᠬᠥᠭᠡᠷᠦᠮᠵᠢ ᠪᠡᠷ 300 ᠰᠢᠷᠬᠡᠭ ᠢ ᠠᠩᠭᠯᠢ  ᠳᠤ ᠬᠡᠪᠯᠡᠭᠰᠡᠨ ᠨᠢ ᠡᠨᠡ ᠶᠤᠮ ᠪᠠᠶᠢᠨ᠎ᠠ᠃

ᠤᠭ ᠫᠢᠶᠠᠨᠰᠠ  ᠳᠤ ᠨᠢ ᠲᠡᠭᠦᠨ ᠦ ︽ᠮᠣᠩᠭᠣᠯ ᠣᠷᠣᠨ ᠪᠠᠳᠠᠷᠠᠲᠤᠭᠠᠢ ︾ ︵ 2011 ᠣᠨ ︶᠂  ︽ᠡᠬᠡ ᠶᠢᠨ ᠰᠡᠳᠬᠢᠯ ᠰᠢᠭ ︾ ︵ 2018 ᠣᠨ ︶᠂  ︽ᠵᠠᠭᠤᠷᠠᠳᠤ ᠶᠢᠨ ᠣᠷᠣᠨ ︾ ︵ 1998ᠤᠨ ︶᠂  ︽ᠬᠣᠶᠠᠳᠤᠭᠠᠷ ᠰᠢᠮᠫᠤᠨᠢ ︾  ︵1987 ᠣᠨ ︶᠂ 《ᠲᠷᠢᠤ᠋ 》 ︵1980 ᠣᠨ ︶ ᠭᠡᠰᠡᠨ ᠰᠢᠯᠢᠳᠡᠭ ᠲᠠᠪᠤᠨ ᠪᠦᠲᠦᠭᠡᠯ ᠪᠠᠭᠲᠠᠵᠠᠢ᠃   ︽ᠴᠢᠩᠭᠢᠰ ᠬᠠᠭᠠᠨ ︾  ᠤᠳᠤᠨᠲᠤ ᠂ ᠲᠥᠷᠥ ᠶᠢᠨ ᠱᠠᠩᠨᠠᠯᠲᠤ᠂ ᠤᠷᠠᠯᠢᠭ ᠤᠨ ᠭᠠᠪᠢᠶᠠᠲᠤ ᠵᠢᠳᠬᠦᠯᠲᠡᠨ᠂ ᠬᠥᠭᠵᠢᠮ ᠦᠨ ᠵᠣᠬᠢᠶᠠᠯᠴᠢ ᠪ∙ᠰᠢᠷᠠᠪ ᠤᠨ ︽ᠬᠣᠶᠠᠳᠤᠭᠠᠷ ᠰᠢᠮᠫᠤᠨᠢ︾ ᠶᠢ ᠬᠠᠮᠤᠭ ᠤᠨ ᠠᠩᠬ᠎ᠠ 1988 ᠣᠨ ᠤ 5 ᠳ᠋ᠤᠭᠠᠷ ᠰᠠᠷ᠎ᠠ ᠶᠢᠨ 22 ᠍ ᠤ ᠦᠳᠡᠰᠢ ᠯᠧᠨᠢᠩᠷᠠᠳ᠋ ᠤᠨ ᠹᠢᠯᠠᠷᠮᠣᠨᠢ ᠶᠢᠨ ᠲᠠᠶᠢᠰᠠᠨ᠎ᠠ ᠡᠭᠡᠰᠢᠭᠯᠡᠭᠦᠯᠵᠦ ᠪᠠᠶᠢᠭᠰᠠᠨ ᠲᠡᠦᠬᠡ ᠲᠡᠢ᠃

ᠪ ᠂ ᠴᠡᠴᠡᠭ

ᠰᠡᠳᠬᠢᠭᠳᠡᠯ ᠦᠯᠡᠳᠡᠭᠡᠬᠦ