ᠲᠠᠶ᠋ᠸᠺᠸᠤᠨᠳᠤ᠋ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠮᠠᠷᠭᠠᠰᠢ ᠡᠬᠢᠯᠡᠨ᠎ᠡ᠃ ᠠᠩᠭᠯᠢ ᠤᠯᠤᠰ ᠤᠨ ᠮᠠᠨᠴᠸᠰᠲᠸᠷ ᠬᠤᠲᠠ ᠳᠤ ᠬᠣᠶᠠᠷ ᠵᠢᠯ ᠲᠤᠲᠤᠮ ᠵᠣᠬᠢᠶᠠᠨ ᠪᠠᠶᠢᠭᠤᠯᠤᠭᠳᠠᠳᠠᠭ ᠲᠠᠶ᠋ᠸᠺᠸᠤᠨᠳᠤ᠋ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 19 ᠬᠦᠷᠲᠡᠯ᠎ᠡ ᠵᠣᠬᠢᠶᠠᠨ ᠪᠠᠶᠢᠭᠤᠯᠤᠭᠳᠠᠨ᠎ᠠ᠃ ᠮᠠᠨ ᠤ ᠤᠯᠤᠰ ᠠᠴᠠ ᠳᠣᠯᠣᠭᠠᠨ ᠲᠠᠮᠢᠷᠴᠢᠨ ᠣᠷᠣᠯᠴᠠᠬᠤ ᠪᠠᠷ ᠪᠦᠷᠢᠳᠬᠡᠭᠦᠯᠦᠭᠰᠡᠨ ᠪᠠᠶᠢᠭᠰᠠᠨ ᠪᠣᠯᠪᠠᠴᠤ ᠲᠠᠪᠤᠨ ᠲᠠᠮᠢᠷᠴᠢᠨ ᠤ ᠸᠢᠽ ᠣᠯᠭᠣᠭᠳᠠᠭᠠ ᠦᠭᠡᠢ ᠶᠢᠨ ᠤᠯᠠᠮ ᠠᠴᠠ ᠬᠣᠶᠠᠷ ᠲᠠᠮᠢᠷᠴᠢᠨ ᠣᠷᠣᠯᠴᠠᠬᠤ ᠪᠠᠷ ᠪᠣᠯᠵᠠᠢ᠃ ᠡᠨᠡ ᠤᠳᠠᠭ᠎ᠠ ᠶᠢᠨ ᠲᠡᠮᠡᠴᠡᠭᠡᠨ ᠨᠢ ︽ᠲᠤᠤᠺᠢᠤ᠋ 2020 ︾ ᠣᠯᠢᠮᠫ ᠤᠨ ᠨᠠᠭᠠᠳᠤᠮ ᠳᠤ ᠤᠷᠤᠯᠴᠠᠬᠤ ᠡᠷᠬᠡ ᠶᠢᠨ ᠣᠨᠣᠭ᠎ᠠ ᠣᠯᠭᠣᠬᠤ ᠲᠤᠩ ᠴᠢᠬᠤᠯᠠ ᠲᠡᠮᠡᠴᠡᠭᠡᠨ ᠪᠠᠶᠢᠭᠰᠠᠨ ᠶᠤᠮ᠃
ᠸᠢᠽ ᠨᠢ ᠭᠠᠷᠤᠭᠰᠠᠨ ᠮ∙ᠲᠦᠮᠡᠨᠪᠠᠶᠠᠷ᠂ ᠲ∙ ᠪᠢᠯᠢᠭ᠍ᠰᠠᠶᠢᠬᠠᠨ ᠨᠠᠷ ᠲᠤ ᠪᠡᠶ᠎ᠡ ᠶᠢᠨ ᠲᠠᠮᠢᠷ ᠰᠫᠣᠷᠲ ᠤᠨ ᠭᠠᠵᠠᠷ᠂ ᠭᠠᠳᠠᠭᠠᠳᠤ ᠬᠠᠷᠢᠯᠴᠠᠭᠠᠨ ᠤ ᠶᠠᠮᠤᠨ᠂ ᠪᠡᠭᠡᠵᠢᠩ ᠳᠦ ᠰᠠᠭᠤᠭ᠎ᠠ ᠡᠯᠴᠢᠨ ᠰᠠᠶᠢᠳ ᠤᠨ ᠶᠠᠮᠤᠨ ᠤ ᠬᠠᠮᠲᠤ ᠣᠯᠠᠨ ᠲᠤᠰᠠᠯᠠᠵᠠᠢ᠃