︽ᠤᠯᠠᠭᠠᠨᠪᠠᠭᠠᠲᠤᠷ ᠤᠨ ᠦᠳᠡᠰᠢ︾ ᠳᠠᠭᠤᠤ ᠶᠢᠨ ᠡᠷᠬᠡ ᠶᠢ ᠵᠥᠷᠢᠴᠡᠵᠡᠢ | News.MN

 ︽ᠤᠯᠠᠭᠠᠨᠪᠠᠭᠠᠲᠤᠷ ᠤᠨ ᠦᠳᠡᠰᠢ︾ ᠳᠠᠭᠤᠤ ᠶᠢᠨ ᠡᠷᠬᠡ ᠶᠢ ᠵᠥᠷᠢᠴᠡᠵᠡᠢ

ᠣᠶᠤᠨ ᠤ ᠥᠮᠴᠢ ᠶᠢᠨ ᠭᠠᠵᠠᠷ ᠠᠴᠠ ᠡᠨᠡ ᠳᠣᠯᠣᠭ᠎ᠠ ᠬᠣᠨᠣᠭ ᠢ ︽ᠵᠣᠬᠢᠶᠠᠭᠴᠢ ᠶᠢᠨ ᠡᠷᠬᠡ ᠶᠢᠨ ᠡᠳᠦᠷ ᠦᠳ︾ ᠪᠣᠯᠭᠠᠨ ᠵᠠᠷᠯᠠᠭᠰᠠᠨ ᠲᠠᠢ ᠬᠣᠯᠪᠣᠭᠳᠠᠭᠤᠯᠤᠨ ᠮᠣᠩᠭᠣᠯ ᠤᠯᠤᠰ ᠤᠨ ᠣᠶᠤᠨ ᠤ ᠥᠮᠴᠢ ᠶᠢᠨ ᠭᠠᠵᠠᠷ ᠳᠡᠯᠡᠬᠡᠢ ᠶᠢᠨ ᠣᠶᠤᠨ ᠤ ᠥᠮᠴᠢ ᠶᠢᠨ ᠪᠠᠶᠢᠭᠤᠯᠤᠯᠭ᠎ᠠ ᠲᠠᠢ ᠬᠠᠮᠲᠤᠷᠠᠨ ᠮᠣᠩᠭᠣᠯ᠂ ᠬᠢᠲᠠᠳ ᠂  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠍ ᠤᠨ ᠵᠣᠬᠢᠶᠠᠭᠴᠢ ᠶᠢᠨ ᠡᠷᠬᠡ ᠶᠢᠨ ᠪᠠᠶᠢᠭᠤᠯᠤᠯᠭ᠎ᠠ ᠶᠢᠨ ᠠᠭᠤᠯᠵᠠᠯᠲᠠ ᠶᠢ ᠤᠯᠠᠭᠠᠨᠪᠠᠭᠠᠲᠤᠷ ᠬᠤᠲᠠ ᠳᠤ ᠵᠣᠬᠢᠶᠠᠨ ᠪᠠᠶᠢᠭᠤᠯᠵᠤ ᠪᠠᠶᠢᠨ᠎ᠠ᠃ ︽ᠵᠣᠬᠢᠶᠠᠭᠴᠢ ᠶᠢᠨ ᠡᠷᠬᠡ ᠡᠳ᠋ ᠍ ᠦᠨ ᠵᠠᠰᠠᠭ ᠪᠣᠯᠤᠨ ᠬᠥᠭᠵᠢᠯ ᠦᠨ ᠬᠥᠳᠡᠯᠭᠡᠭᠴᠢ ᠬᠦᠴᠦ ᠪᠣᠯᠬᠤ ᠨᠢ︾ ᠰᠡᠳᠦᠪᠲᠦ ᠳᠥᠷᠪᠡᠨ ᠲᠠᠯᠠᠲᠤ ᠠᠭᠤᠯᠵᠠᠯᠲᠠ ᠶᠢ ︽ᠲᠤᠤᠰᠢᠨ︾ ᠵᠣᠴᠢᠳ ᠪᠠᠭᠤᠳᠠᠯ ᠳᠤ ᠬᠢᠨ᠎ᠡ᠃ ᠬᠠᠷᠢᠨ ᠥᠨᠥᠳᠥᠷ ᠭᠠᠳᠠᠭᠠᠳᠤ ᠶᠢᠨ ᠲᠥᠯᠥᠭᠡᠯᠡᠭᠴᠢᠳ ᠣᠷᠣᠯᠴᠠᠭᠰᠠᠨ ᠵᠦᠪᠯᠡᠯᠭᠡᠨ ᠡᠬᠢᠯᠡᠵᠦ ᠪᠠᠶᠢᠨ᠎ᠠ᠃
ᠮᠣᠩᠭᠣᠯ ᠤᠨ ᠤᠷᠠᠨ ᠪᠦᠲᠦᠭᠡᠯᠴᠢᠳ ᠦᠨ ᠪᠦᠲᠦᠭᠡᠯ ᠢ ᠭᠠᠳᠠᠭᠠᠳᠤ ᠣᠷᠣᠨ ᠳᠤ ᠬᠠᠤᠯᠢ ᠪᠤᠰᠤ ᠪᠠᠷ ᠪᠣᠷᠣᠯᠠᠭᠤᠯᠬᠤ ᠶᠠᠪᠤᠳᠠᠯ ᠭᠠᠷᠤᠭᠰᠠᠭᠠᠷ ᠪᠠᠶᠢᠨ᠎ᠠ᠃ ᠬᠢᠲᠠᠳ ᠲᠤ ︽ᠬᠠᠷᠠᠩᠭ᠎ᠠ︾ ᠬᠠᠮᠲᠤᠯᠢᠭ ᠤᠨ ᠠᠬᠠᠯᠠᠭᠴᠢ ᠼ∙ᠴᠢᠯᠠᠭᠤᠨᠪᠠᠭᠠᠲᠤᠷ ᠤᠨ ︽ᠦᠭᠡᠶᠢᠯᠡᠨ ᠰᠠᠨᠠᠨ᠎ᠠ︾᠂ ᠬᠥᠭᠵᠢᠮ ᠦᠨ ᠵᠣᠬᠢᠶᠠᠯᠴᠢ ᠭ∙ᠫᠦᠷᠪᠦᠳᠣᠷᠵᠢ ᠶᠢᠨ  ︽ᠤᠯᠠᠭᠠᠨᠪᠠᠭᠠᠲᠤᠷ ᠤᠨ ᠦᠳᠡᠰᠢ︾ ᠳᠠᠭᠤᠤ ᠶᠢᠨ ᠵᠣᠬᠢᠶᠠᠭᠴᠢ ᠶᠢᠨ ᠡᠷᠬᠡ ᠶᠢ ᠨᠣᠴᠢᠲᠠᠢ ᠵᠥᠷᠢᠴᠡᠵᠡᠢ᠃ ᠡᠳᠡᠭᠡᠷ ᠳᠠᠭᠤᠤ ᠶᠢ ᠬᠢᠲᠠᠳ ᠲᠤ ᠪᠣᠯᠤᠭᠰᠠᠨ ᠲᠣᠮᠣ ᠱᠤᠸᠤ᠋ ᠳᠡᠭᠡᠷ᠎ᠡ ᠬᠢᠲᠠᠳ ᠬᠦᠮᠦᠨ ᠵᠣᠬᠢᠶᠠᠭᠰᠠᠨ ᠪᠠᠶᠢᠳᠠᠯ ᠢᠶᠠᠷ ᠳᠠᠭᠤᠯᠠᠭᠰᠠᠨ ᠪᠠᠶᠢᠨ᠎ᠠ᠃ ᠵᠣᠬᠢᠶᠠᠭᠴᠢ ᠶᠢᠨ ᠡᠷᠬᠡ ᠶᠢᠨ ᠡᠶᠢᠮᠦ ᠵᠥᠷᠢᠴᠡᠯ ᠦᠳ 2015 ᠣᠨ ᠠᠴᠠ ᠬᠣᠶᠢᠰᠢ ᠭᠠᠷᠤᠭᠰᠠᠭᠠᠷ ᠪᠠᠶᠢᠭ᠎ᠠ᠃ ᠮᠣᠩᠭᠣᠯ ᠤᠨ ᠤᠷᠠᠨ ᠪᠦᠲᠦᠭᠡᠯᠴᠢᠳ ᠦᠨ ᠪᠦᠲᠦᠭᠡᠯ ᠢ ᠭᠠᠳᠠᠭᠠᠳᠤ ᠣᠷᠣᠨ ᠤ KARAOKE ᠳᠤ ᠳᠠᠭᠤᠯᠠᠵᠤ᠂ ᠭᠠᠷ ᠤᠲᠠᠰᠤᠨ ᠳᠤ ᠲᠠᠲᠠᠬᠤ ᠶᠠᠪᠤᠳᠠᠯ ᠴᠤ ᠭᠠᠷᠴᠤ ᠪᠠᠶᠢᠨ᠎ᠠ᠃ ᠳᠡᠭᠡᠷᠡᠬᠢ ᠬᠣᠶᠠᠷ ᠳᠠᠭᠤᠤ ᠠᠴᠠ ᠭᠠᠳᠠᠨ᠎ᠠ ᠣᠯᠠᠨ ᠳᠠᠭᠤᠤ ᠶᠢ ᠬᠠᠤᠯᠢ ᠪᠤᠰᠤ ᠪᠠᠷ ᠠᠰᠢᠭᠯᠠᠵᠤ ᠪᠠᠶᠢᠭ᠎ᠠ ᠭᠣᠮᠣᠳᠠᠯ ᠢᠷᠡᠭᠰᠡᠨ᠃ ᠪᠢᠳᠡ ᠡᠨᠡ ᠲᠠᠯ᠎ᠠ ᠪᠠᠷ ᠬᠢᠲᠠᠳ ᠤᠨ ᠲᠥᠯᠥᠭᠡᠯᠡᠭᠴᠢ ᠲᠡᠢ ᠶᠠᠷᠢᠯᠴᠠᠵᠤ᠂ ᠰᠢᠢᠳᠦᠯ ᠳᠦ ᠬᠦᠷᠦᠨ᠎ᠡ ᠭᠡᠵᠦ ᠢᠲᠡᠭᠡᠵᠦ ᠪᠠᠶᠢᠨ᠎ᠠ ᠬᠡᠮᠡᠨ ᠮᠣᠩᠭᠣᠯ ᠤᠨ ᠳᠠᠭᠤᠤ ᠪᠢᠴᠢᠯᠭᠡ ᠪᠦᠲᠦᠭᠡᠭᠴᠢᠳ ᠦᠨ ᠦᠨᠳᠦᠰᠦᠨ ᠦ ᠲᠥᠪ ᠦᠨ ᠲᠡᠷᠢᠭᠦᠨ ᠪ∙ᠯᠾᠬᠠᠪᠠᠰᠦ᠋ᠷᠦᠩ ᠶᠠᠷᠢᠯ᠎ᠠ᠃
ᠮᠣᠩᠭᠣᠯ ᠤᠨ ᠺᠢᠨᠣ᠋ ᠤᠷᠠᠨ ᠪᠦᠲᠦᠭᠡᠯ ᠢ ᠬᠠᠮᠠᠭᠠᠯᠠᠬᠤ ᠬᠣᠯᠪᠣᠭᠠᠨ ᠤ ᠭᠦᠢᠴᠡᠳᠭᠡᠬᠦ ᠵᠠᠬᠢᠷᠤᠯ ᠳ∙ᠲᠡᠭᠦᠰ᠄ ᠮᠣᠩᠭᠣᠯ ᠤᠯᠤᠰ ᠲᠤ ᠵᠣᠬᠢᠶᠠᠭᠴᠢ ᠶᠢᠨ ᠡᠷᠬᠡ ᠶᠢᠨ ᠲᠠᠯ᠎ᠠ ᠪᠠᠷ ᠳᠥᠷᠪᠡᠨ ᠲᠠᠯᠠᠲᠤ ᠠᠭᠤᠯᠵᠠᠯᠲᠠ ᠪᠣᠯᠵᠤ ᠪᠠᠶᠢᠭ᠎ᠠ ᠨᠢ ᠣᠯᠠᠨ ᠲᠠᠯ᠎ᠠ ᠶᠢᠨ ᠠᠴᠢ ᠬᠣᠯᠪᠣᠭᠳᠠᠯ ᠲᠠᠢ᠃ ᠡᠨᠡ ᠨᠢ ᠮᠣᠩᠭᠣᠯ ᠤᠨ ᠺᠢᠨᠣ᠋ ᠤᠷᠠᠯᠢᠭ ᠤᠨ ᠰᠠᠯᠪᠤᠷᠢ ᠳᠤ ᠴᠢᠬᠤᠯᠠ ᠦᠷ᠎ᠡ ᠳ᠋ᠦᠩ ᠲᠡᠢ᠃ ᠬᠢᠲᠠᠳ᠂ ᠣᠷᠣᠰ ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠍ ᠤᠨ ᠵᠠᠬ᠎ᠠ ᠵᠡᠭᠡᠯᠢ ᠳᠦ ᠮᠣᠩᠭᠣᠯ ᠤᠨ ᠤᠷᠠᠨ ᠪᠦᠲᠦᠭᠡᠯᠴᠢᠳ ᠦᠨ ᠪᠦᠲᠦᠭᠡᠯ ᠭᠠᠷᠬᠤ ᠪᠣᠯᠤᠮᠵᠢ ᠨᠡᠭᠡᠭᠡᠭᠳᠡᠵᠦ ᠪᠠᠶᠢᠭ᠎ᠠ᠃ ᠣᠯᠠᠨ ᠤᠯᠤᠰ ᠲᠤ ᠭᠠᠷᠬᠤ ᠳᠤ ᠣᠶᠤᠨ ᠤ ᠥᠮᠴᠢ ᠶᠢ ᠬᠠᠮᠠᠭᠠᠯᠠᠬᠤ ᠨᠢ ᠴᠢᠬᠤᠯᠠ ᠪᠠᠶᠢᠳᠠᠭ᠃ ᠤᠷᠠᠨ ᠪᠦᠲᠦᠭᠡᠯᠴᠢᠳ ᠰᠡᠭᠦᠯ ᠦᠨ ᠵᠢᠯ ᠦᠳ ᠲᠦ ᠣᠶᠤᠨ ᠤ ᠥᠮᠴᠢ ᠶᠢᠨ ᠭᠠᠵᠠᠷ ᠲᠠᠢ ᠬᠠᠮᠲᠤᠷᠠᠨ ᠠᠵᠢᠯᠯᠠᠬᠤ ᠪᠣᠯᠤᠭᠰᠠᠨ᠃ ᠬᠢᠲᠠᠳ ᠤᠨ ᠵᠠᠬ᠎ᠠ ᠵᠡᠭᠡᠯᠢ ᠳᠦ ᠬᠠᠤᠯᠢ ᠪᠤᠰᠤ ᠪᠠᠷ ᠺᠢᠨᠣ᠋ ᠰᠠᠴᠤᠭᠳᠠᠵᠤ ᠡᠬᠢᠯᠡᠯ᠎ᠡ᠃ ᠢᠷᠭᠡᠳ ᠦᠨ ᠬᠠᠮᠤᠭ ᠤᠨ ᠰᠠᠶᠢᠨ ᠣᠷᠣᠳᠠᠭ WeChat ᠍ ᠢᠶᠠᠷ ᠳᠠᠮᠵᠢᠭᠤᠯᠤᠨ ᠰᠠᠴᠤᠵᠤ ᠪᠠᠶᠢᠨ᠎ᠠ᠃ ᠡᠨᠡ ᠬᠠᠤᠯᠢ ᠪᠤᠰᠤ ᠦᠢᠯᠡ ᠶᠠᠪᠤᠳᠠᠯ ᠢ ᠵᠣᠭᠰᠣᠬᠤ ᠶᠠᠷᠢᠶ᠎ᠠ ᠬᠡᠯᠡᠯᠴᠡᠭᠡ ᠬᠢᠨ᠎ᠡ᠃ ᠮᠣᠩᠭᠣᠯ ᠤᠯᠤᠰ ᠳᠣᠲᠣᠷ᠎ᠠ ᠪᠠᠨ ᠴᠤ ᠤᠷᠠᠨ ᠪᠦᠲᠦᠭᠡᠯᠴᠢᠳ ᠦᠨ ᠵᠣᠬᠢᠶᠠᠭᠴᠢ ᠶᠢᠨ ᠡᠷᠬᠡ ᠵᠥᠷᠢᠴᠡᠭᠳᠡᠭᠰᠡᠭᠡᠷ ᠪᠠᠶᠢᠨ᠎ᠠ᠃ ᠡᠭᠦᠨ ᠢ ᠲᠥᠷᠥ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠲᠠᠢ ᠬᠠᠮᠲᠤᠷᠠᠨ ᠵᠠᠰᠠᠵᠤ᠂ ᠰᠠᠶᠢᠵᠢᠷᠠᠭᠤᠯᠬᠤ ᠪᠣᠯᠤᠨ᠎ᠠ᠃ ᠮᠠᠨ ᠤ ᠪᠠᠶᠢᠭᠤᠯᠤᠯᠭ᠎ᠠ ᠪᠠᠶᠢᠭᠤᠯᠤᠭᠳᠠᠭᠠᠳ ᠤᠳᠠᠭ᠎ᠠ ᠦᠭᠡᠢ ᠪᠠᠶᠢᠭ᠎ᠠ ᠴᠤ ᠤᠷᠠᠨ ᠪᠦᠲᠦᠭᠡᠯᠴᠢᠳ ᠦᠨ ᠬᠠᠤᠯᠢ ᠡᠷᠬᠡ ᠵᠦᠢ ᠶᠢᠨ ᠬᠠᠮᠠᠭᠠᠯᠠᠯᠲᠠ ᠶᠢ ᠰᠠᠶᠢᠵᠢᠷᠠᠭᠤᠯᠬᠤ ᠳᠤ ᠠᠩᠬᠠᠷᠴᠤ ᠠᠵᠢᠯᠯᠠᠨ᠎ᠠ ᠭᠡᠯ᠎ᠡ᠃

ᠰᠡᠳᠬᠢᠭᠳᠡᠯ ᠦᠯᠡᠳᠡᠭᠡᠬᠦ