ᠡᠬᠡ ᠬᠡᠯᠡ  ᠪᠠᠨ ᠳᠡᠭᠡᠳᠦᠯᠡᠬᠦ ᠶᠢᠨ ᠴᠢᠬᠤᠯᠠ ᠶᠢ ᠰᠤᠷᠲᠠᠯᠴᠢᠯᠠᠯ᠎ᠠ | News.MN

ᠡᠬᠡ ᠬᠡᠯᠡ  ᠪᠠᠨ ᠳᠡᠭᠡᠳᠦᠯᠡᠬᠦ ᠶᠢᠨ ᠴᠢᠬᠤᠯᠠ ᠶᠢ ᠰᠤᠷᠲᠠᠯᠴᠢᠯᠠᠯ᠎ᠠ

《ᠬᠡᠯᠡ ᠮᠥᠬᠦᠪᠡᠯ᠂ ᠦᠨᠳᠦᠰᠦᠲᠡᠨ ᠮᠥᠬᠦᠨ᠎ᠡ 》 ᠬᠡᠮᠡᠨ ᠬᠠᠲᠠᠭᠤ ᠪᠣᠯᠪᠠᠴᠤ ᠦᠨᠡᠨ ᠦᠭᠡ ᠶᠢ ᠥᠨᠥ ᠶᠢᠨ ᠳᠠᠶᠠᠭᠠᠷᠰᠢᠵᠤ ᠪᠤᠢ ᠴᠠᠭ ᠦᠶ᠎ᠡ ᠳᠦ ᠮᠣᠩᠭᠣᠯᠴᠤᠳ ᠪᠢᠳᠡ ᠵᠠᠶᠢᠯᠠᠰᠢ ᠦᠭᠡᠢ ᠰᠠᠨᠠᠵᠤ ᠪᠠᠰᠠ ᠮᠦᠷᠳᠡᠬᠦ ᠤᠴᠢᠷᠲᠠᠢ᠃ ᠲᠡᠶᠢᠮᠦ ᠡᠴᠡ ᠡᠬᠡ ᠬᠡᠯᠡ ᠪᠡᠨ ᠬᠡᠦᠬᠡᠳ ᠪᠠᠭᠠᠴᠤᠳ ᠲᠤ ᠪᠠᠨ ᠴᠡᠪᠡᠷ ᠠᠷᠢᠭᠤᠨ ᠢᠶᠠᠷ ᠨᠢ ᠥᠪᠯᠡᠭᠦᠯᠦᠨ ᠦᠯᠡᠳᠡᠭᠡᠬᠦ ᠨᠢ ᠶᠠᠭᠤ ᠶᠠᠭᠤᠨ ᠠᠴᠠ ᠴᠢᠬᠤᠯᠠ ᠪᠣᠯᠤᠭᠰᠠᠨ ᠡᠨᠡ ᠴᠠᠭ ᠦᠶ᠎ᠡ ᠳᠦ ᠤᠯᠤᠰ ᠤᠨ ᠶᠡᠬᠡ ᠬᠤᠷᠠᠯ ᠤᠨ ᠭᠡᠰᠢᠭᠦᠨ ᠳ∙ᠰᠤᠮᠢᠶᠠᠪᠠᠽᠠᠷ ᠤᠨ ᠰᠠᠨᠠᠭᠠᠴᠢᠯᠭ᠎ᠠ ᠲᠠᠢ ᠪᠠᠷ ︽ᠡᠬᠡ ᠬᠡᠯᠡ᠂ ᠰᠤᠶᠤᠯ ᠢᠶᠠᠨ ᠳᠡᠭᠡᠳᠦᠯᠡᠶ᠎ᠡ︾ ᠰᠠᠷ᠎ᠠ ᠶᠢᠨ ᠠᠶᠠᠨ ᠢ 6 ᠳ᠋ᠡᠬᠢ ᠵᠢᠯ ᠳᠦ ᠪᠡᠨ ᠵᠣᠬᠢᠶᠠᠨ ᠪᠠᠶᠢᠭᠤᠯᠤᠯ᠎ᠠ᠃ ᠠᠶᠠᠨ ᠢ ᠰᠣᠩᠭᠢᠨ᠎ᠠ ᠬᠠᠶᠢᠷᠬᠠᠨ ᠳᠡᠭᠦᠷᠭᠡ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠤᠨ 6-12 ᠳ᠋ᠤᠭᠠᠷ ᠠᠩᠬᠢ ᠶᠢᠨ ᠰᠤᠷᠤᠭᠴᠢᠳ᠂ ᠮᠣᠩᠭᠣᠯ ᠬᠡᠯᠡᠨ ᠦ ᠪᠠᠭᠰᠢ ᠨᠠᠷ ᠤᠨ ᠳᠤᠮᠳᠠ ᠲᠤᠰ ᠳᠡᠭᠦᠷᠭᠡ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠍ ᠠᠴᠠ ᠵᠣᠬᠢᠶᠠᠨ ᠪᠠᠶᠢᠭᠤᠯᠵᠤ᠂ 05 ᠳ᠋ᠤᠭᠠᠷ ᠰᠠᠷ᠎ᠠ ᠶᠢᠨ 15 ᠤ ᠡᠳᠦᠷ ᠬᠠᠭᠠᠯᠲᠠ ᠪᠠᠨ ᠬᠢᠭᠰᠡᠨ ᠶᠤᠮ᠃
ᠠᠶᠠᠨ ᠤ ᠬᠦᠷᠢᠶᠡᠨ ᠳᠦ 11᠍ ᠳᠦᠭᠡᠷ ᠠᠩᠬᠢ ᠶᠢᠨ ᠰᠤᠷᠤᠭᠴᠢᠳ ᠤᠨ ᠳᠤᠮᠳᠠ ︽ᠮᠢᠨᠦ ᠡᠬᠡ ᠬᠡᠯᠡ︾ ᠡᠰᠰᠸ᠂ 8᠍ ᠳ᠋ᠤᠭᠠᠷ ᠠᠩᠬᠢ ᠶᠢᠨ ᠰᠤᠷᠤᠭᠴᠢᠳ ᠤᠨ ᠳᠤᠮᠳᠠ ︽ᠪᠢ ᠡᠬᠡ ᠬᠡᠯᠡ ᠪᠡᠷ ᠢᠶᠡᠨ ᠵᠥᠪ ᠲᠦᠷᠭᠡᠨ ᠤᠩᠰᠢᠳᠠᠭ︾ ᠰᠡᠳᠦᠪᠲᠦ ᠤᠩᠰᠢᠯᠭ᠎ᠠ᠂ 7 ᠳ᠋ᠤᠭᠠᠷ ᠠᠩᠬᠢ ᠶᠢᠨ ᠰᠤᠷᠤᠭᠴᠢᠳ ᠤᠨ ᠳᠤᠮᠳᠠ ᠡᠬᠡ ᠬᠡᠯᠡᠨ ᠦ ᠰᠢᠯᠭᠠᠯᠲᠠ᠂ 6  ᠳ᠋ᠤᠭᠠᠷ ᠠᠩᠬᠢ ᠶᠢᠨ ᠰᠤᠷᠤᠭᠴᠢᠳ ᠤᠨ ᠳᠤᠮᠳᠠ ︽ᠪᠢᠳᠡ ᠠᠩᠭᠢ ᠪᠠᠷ ᠢᠶᠠᠨ ᠴᠡᠪᠡᠷ ᠪᠢᠴᠢᠭᠲᠡᠨ︾᠂ ᠪᠠᠭᠰᠢ ᠨᠠᠷ ᠤᠨ ᠳᠤᠮᠳᠠ ᠡᠬᠡ ᠬᠡᠯᠡᠨ ᠦ ᠰᠢᠯᠭᠠᠯᠲᠠ᠂ ᠪᠣᠭᠣᠨᠢ ᠬᠡᠮᠵᠢᠶᠡᠨ ᠦ ᠺᠢᠨᠣ᠋ ᠪᠦᠲᠦᠭᠡᠯ ᠦᠨ ᠵᠡᠷᠭᠡ ᠤᠷᠤᠯᠳᠤᠭᠠᠨ ᠨᠤᠭᠤᠳ ᠲᠤᠰ ᠲᠤᠰ ᠵᠣᠬᠢᠶᠠᠨ ᠪᠠᠶᠢᠭᠤᠯᠵᠤ᠂ ᠰᠢᠯᠢᠳᠡᠭ ᠦᠳ ᠢᠶᠡᠨ ᠰᠢᠯᠭᠠᠷᠠᠭᠤᠯᠤᠭᠰᠠᠨ ᠶᠤᠮ᠃
ᠡᠰᠰᠸ ᠤᠷᠤᠯᠳᠤᠭᠠᠨ ᠳᠤ 9 ᠳᠦᠭᠡᠷ ᠰᠤᠷᠭᠠᠭᠤᠯᠢ ᠶᠢᠨ 11A ᠠᠩᠬᠢ ᠶᠢᠨ ᠰᠤᠷᠤᠭᠴᠢ ᠭ∙ᠮᠠᠨᠳᠤᠬᠠᠢ᠂ ᠨᠠᠷ᠂ ᠤᠩᠰᠢᠯᠭ᠎ᠠ ᠶᠢᠨ ᠤᠷᠤᠯᠳᠤᠭᠠᠨ ᠳᠤ 12 ᠳ᠋ᠤᠭᠠᠷ ᠰᠤᠷᠭᠠᠭᠤᠯᠢ ᠶᠢᠨ 8A ᠠᠩᠬᠢ ᠶᠢᠨ ᠰᠤᠷᠤᠭᠴᠢ ᠪᠠᠲᠤᠴᠡᠴᠡᠭ ᠨᠠᠷ ᠲᠡᠷᠢᠭᠦᠯᠡᠪᠡ᠃ ᠪᠠᠭᠰᠢ ᠨᠠᠷ ᠤᠨ ᠳᠤᠮᠳᠠ ᠵᠣᠬᠢᠶᠠᠨ ᠪᠠᠶᠢᠭᠤᠯᠤᠭᠰᠠᠨ ᠰᠢᠯᠭᠠᠯᠲᠠ ᠶᠢᠨ ᠤᠷᠤᠯᠳᠤᠭᠠᠨ ᠳᠤ 65 ᠳ᠋ᠤᠭᠠᠷ ᠰᠤᠷᠭᠠᠭᠤᠯᠢ ᠶᠢᠨ ᠪᠠᠭᠰᠢ ᠨ∙ᠪᠠᠲᠤ-ᠥᠯᠵᠡᠢ᠂ 106  ᠳ᠋ᠤᠭᠠᠷ ᠰᠤᠷᠭᠠᠭᠤᠯᠢ ᠶᠢᠨ ᠪᠠᠭᠰᠢ ᠡᠩᠬᠡᠲᠤᠶᠠᠭ᠎ᠠ ᠨᠠᠷ ᠲᠡᠷᠢᠭᠦᠯᠡᠪᠡ᠃ ᠺᠢᠨᠣ᠋ ᠪᠦᠲᠦᠭᠡᠯ ᠦᠨ ᠤᠷᠤᠯᠳᠤᠭᠠᠨ ᠢ 62  ᠳ᠋ᠤᠭᠠᠷ ᠰᠤᠷᠭᠠᠭᠤᠯᠢ᠂ 106  ᠳ᠋ᠤᠭᠠᠷ ᠰᠤᠷᠭᠠᠭᠤᠯᠢ᠂ 76  ᠳ᠋ᠤᠭᠠᠷ ᠰᠤᠷᠭᠠᠭᠤᠯᠢ᠂ ᠭᠡᠷᠡᠯᠲᠦ ᠢᠷᠡᠭᠡᠳᠦᠢ ᠰᠤᠷᠭᠠᠭᠤᠯᠢ ᠪᠦᠰᠡ ᠡᠴᠡ ᠪᠡᠨ ᠰᠢᠯᠭᠠᠷᠠᠭᠰᠠᠨ ᠶᠤᠮ᠃

ᠰᠡᠳᠬᠢᠭᠳᠡᠯ ᠦᠯᠡᠳᠡᠭᠡᠬᠦ