ᠰ∙ᠡᠷᠳᠡᠨᠢ ᠶᠢ ᠰᠢᠯᠭᠠᠬᠤ ᠶᠣᠰᠣᠲᠠᠢ | News.MN

ᠰ∙ᠡᠷᠳᠡᠨᠢ ᠶᠢ ᠰᠢᠯᠭᠠᠬᠤ ᠶᠣᠰᠣᠲᠠᠢ

ᠶᠡᠷᠦᠩᠬᠡᠢ ᠰᠠᠶᠢᠳ ᠠᠰᠠᠨ ᠨ∙ᠠᠯᠲᠠᠨᠬᠤᠶᠠᠭ ᠠᠪᠯᠢᠭ᠎ᠠ ᠲᠠᠢ ᠲᠡᠮᠡᠴᠡᠬᠦ ᠭᠠᠵᠠᠷ ᠲᠤ ᠬᠠᠨᠳᠤᠵᠤ ᠪᠠᠶᠢᠭ᠎ᠠ ᠲᠠᠯ᠎ᠠ ᠪᠠᠷ ᠢᠶᠠᠨ ᠮᠡᠳᠡᠭᠡᠯᠡᠯ ᠬᠢᠯ᠎ᠡ᠃  ᠲᠡᠷᠡ ᠄ ︽ᠺᠠᠫᠢᠲ᠋ᠠᠯ︾ ᠪᠠᠩᠬᠢᠨ ᠤ ᠬᠠᠷᠢᠯᠴᠠᠭᠴᠢ ᠢᠷᠭᠡᠳ ᠦᠨ 240 ᠭᠠᠷᠤᠢ ᠲᠡᠷᠪᠤᠮ ᠲᠥᠭᠥᠷᠢᠭ ᠡᠷᠡᠰᠳᠡᠯ  ᠳᠦ ᠣᠷᠣᠴᠢᠬᠠᠭᠠᠳ ᠪᠠᠶᠢᠨ᠎ᠠ᠃ ᠡᠭᠦᠨ ᠦ ᠡᠵᠡᠨ ᠢ ᠣᠯᠬᠤ ᠳᠤ ᠠᠩᠬᠠᠷᠤᠭᠠᠴᠢ᠂ ᠮᠥᠨ ᠡᠨᠡ ᠠᠰᠠᠭᠤᠳᠠᠯ ᠳᠤ ᠤᠯᠤᠰ ᠤᠨ ᠶᠡᠬᠡ ᠬᠤᠷᠠᠯ ᠤᠨ ᠭᠡᠰᠢᠭᠦᠨ ᠰ∙ᠡᠷᠳᠡᠨᠢ ᠶᠢ ᠰᠢᠯᠭᠠᠵᠤ ᠥᠭᠭᠦᠭᠡᠴᠢ ᠭᠡᠵᠦ ᠭᠣᠮᠣᠳᠠᠯ ᠭᠠᠷᠭᠠᠵᠤ ᠪᠠᠶᠢᠨ᠎ᠠ᠃ ᠤᠯᠤᠰ ᠤᠨ ᠶᠡᠬᠡ ᠬᠤᠷᠠᠯ ᠤᠨ ᠭᠡᠰᠢᠭᠦᠨ ᠨ∙ᠨᠣᠮᠲᠠᠶᠢᠪᠠᠶᠠᠷ ᠲᠡᠳᠬᠦᠪᠦᠷᠢ᠂ ᠬᠠᠯᠠᠮᠵᠢ ᠶᠢᠨ ᠮᠥᠩᠭᠥ ᠶᠢ ᠶᠠᠩᠵᠤ ᠪᠦᠷᠢ ᠶᠢᠨ ᠪᠠᠩᠭᠢ ᠳᠤ  ᠪᠠᠶᠢᠷᠢᠰᠢᠭᠤᠯᠤᠭᠠᠳ ᠡᠷᠡᠰᠳᠡᠯ ᠡᠭᠦᠰᠴᠦ ᠪᠠᠶᠢᠨ᠎ᠠ ᠭᠡᠵᠦ 2-3 ᠵᠢᠯ ᠶᠠᠷᠢᠭᠰᠠᠨ᠃ ᠭᠡᠪᠡᠴᠦ ᠠᠵᠢᠯ ᠬᠡᠷᠡᠭ ᠪᠣᠯᠤᠭ᠎ᠠ ᠦᠭᠡᠢ᠃ ᠮᠠᠨ ᠤ ᠤᠯᠤᠰ ᠲᠦᠷᠦᠴᠢᠳ ᠡᠨᠡ ᠠᠰᠠᠭᠤᠳᠠᠯ ᠢ ᠬᠠᠪ ᠳᠠᠷᠤᠵᠤ ᠪᠠᠶᠢᠭᠠᠳ ᠨᠠᠮᠤᠷ ᠶᠤᠮ ᠤᠤ ᠂ ᠡᠪᠦᠯ ᠭᠠᠷᠭᠠᠵᠤ ᠲᠠᠯᠪᠢᠭᠠᠳ 2020 ᠣᠨ ᠤ ᠰᠣᠩᠭᠣᠭᠤᠯᠢ ᠳᠥᠬᠦᠭᠦᠯᠵᠦ ᠪᠠᠬᠠᠨ ᠱᠤᠸᠤ᠋ ᠬᠢᠭᠡᠳ᠂ ᠬᠣᠭᠣᠷᠣᠨᠳᠣ ᠪᠠᠨ ᠲᠣᠬᠢᠷᠠᠯᠴᠠᠬᠤ ᠡᠶᠢᠮᠦ ᠯᠠ ᠵᠠᠪᠠᠭᠠᠨ ᠶᠠᠭᠤᠮ᠎ᠠ ᠪᠣᠯᠬᠤ ᠭᠡᠳ ᠪᠠᠶᠢᠨ᠎ᠠ᠃ ᠲᠡᠶᠢᠮᠦ ᠡᠴᠡ ᠠᠪᠯᠢᠭ᠎ᠠ ᠲᠠᠢ ᠲᠡᠮᠡᠴᠡᠬᠦ ᠭᠠᠵᠠᠷ ᠡᠨᠡ ᠠᠰᠠᠭᠤᠳᠠᠯ ᠢ ᠰᠢᠢᠳᠴᠦ 240 ᠭᠠᠷᠤᠢ ᠲᠡᠷᠪᠤᠮ ᠲᠥᠭᠥᠷᠢᠭ ᠢ ᠣᠯᠵᠤ ᠥᠭᠬᠦ ᠪᠣᠯᠪᠠ ᠤᠤ ᠭᠡᠰᠡᠨ ᠭᠣᠷᠢᠳᠠᠯᠭ᠎ᠠ ᠲᠡᠭᠡᠭᠡᠵᠦ ᠪᠠᠶᠢᠨ᠎ᠠ᠃
ᠰ∙ᠡᠷᠳᠡᠨᠢ ᠪᠠᠩᠭᠢ ᠳᠤ ᠮᠥᠩᠭᠥ ᠪᠠᠶᠢᠷᠢᠰᠢᠭᠤᠯᠵᠤ ᠪᠠᠶᠢᠭ᠎ᠠ ᠠᠰᠠᠭᠤᠳᠠᠯ ᠨᠠᠳᠠ ᠲᠠᠢ ᠶᠠᠮᠠᠷ ᠴᠤ ᠬᠠᠮᠢᠶ᠎ᠠ ᠦᠭᠡᠢ ᠭᠡᠰᠡᠨ᠃ ᠭᠡᠲᠡᠯ᠎ᠡ ᠰ∙ᠡᠷᠳᠡᠨᠢ ᠰᠠᠶᠢᠳ ᠪᠣᠯᠤᠭᠰᠠᠨ ᠤ ᠪᠠᠨ ᠳᠠᠷᠠᠭ᠎ᠠ ᠨᠡᠶᠢᠭᠡᠮ ᠤᠨ ᠳᠠᠭᠠᠳᠬᠠᠯ ᠤᠨ ᠦᠨᠳᠦᠰᠦᠨ ᠦ ᠵᠥᠪᠯᠡᠯ ᠭᠡᠳᠡᠭ ᠪᠠᠶᠢᠭᠤᠯᠤᠯᠭ᠎ᠠ ᠶᠢ ᠲᠣᠯᠣᠭᠠᠶᠢᠯᠠᠳᠠᠭ ᠪᠣᠯᠤᠭᠰᠠᠨ᠃ ᠲᠡᠷᠡ ᠪᠠᠶᠢᠭᠤᠯᠤᠯᠭ᠎ᠠ ᠨᠢ ᠢᠷᠭᠡᠳ ᠦᠨ ᠲᠡᠳᠬᠦᠪᠦᠷᠢ᠂ ᠡᠷᠡᠭᠦᠯ ᠮᠡᠨᠳᠦ ᠶᠢᠨ ᠳᠠᠭᠠᠳᠬᠠᠯ ᠤᠨ ᠮᠥᠩᠭᠥ ᠶᠢ ᠠᠷᠠᠯᠵᠢᠶᠠᠨ ᠤ  ᠪᠠᠩᠭᠢ ᠳᠤ ᠪᠠᠶᠢᠷᠢᠰᠢᠭᠤᠯᠳᠠᠭ ᠵᠢᠷᠤᠮ ᠪᠠᠲᠤᠯᠠᠭᠰᠠᠨ᠃ ᠰ∙ᠡᠷᠳᠡᠨᠢ ᠶᠢᠨ ᠭᠠᠷ ᠤᠨ ᠦᠰᠦᠭ ᠲᠡᠢ᠃ ᠲᠡᠷᠡ ᠵᠢᠷᠤᠮ ᠳᠤ ᠠᠯᠢ ᠪᠠᠩᠭᠢ ᠳᠤ ᠪᠠᠶᠢᠷᠢᠰᠢᠭᠤᠯᠬᠤ ᠶᠢ ᠵᠠᠪᠠᠯ ᠰ∙ᠡᠷᠳᠡᠨᠢ ᠡᠴᠡ ᠠᠰᠠᠭᠤᠵᠤ ᠵᠥᠪᠰᠢᠶᠡᠷᠡᠯ ᠠᠪᠤᠨ᠎ᠠ ᠭᠡᠳ ᠵᠢᠭᠠᠴᠢᠬᠠᠭᠰᠠᠨ ᠃ ᠥᠪᠡᠷ ᠢᠶᠡᠨ ᠬᠢᠭᠰᠡᠨ ᠦᠢᠯᠡᠳᠦᠯ ᠢᠶᠡᠨ ᠨᠠᠳᠠ ᠳᠤ ᠬᠠᠮᠢᠶ᠎ᠠ ᠦᠭᠡᠢ ᠭᠡᠵᠦ ᠪᠠᠶᠢᠭ᠎ᠠ ᠨᠢ ᠶᠡᠬᠡ ᠮᠠᠭᠤᠬᠠᠢ ᠃ ᠲᠡᠶᠢᠮᠦ ᠡᠴᠡ ᠪᠢᠴᠢᠭ ᠴᠠᠭᠠᠰᠤ ᠶᠢ ᠨᠢ ᠨᠢᠭᠲᠠᠯᠠᠭᠠᠳ ᠦᠨᠡᠨ ᠮᠥᠨ ᠢ ᠨᠢ ᠲᠣᠭᠲᠠᠭᠠᠬᠤ ᠬᠡᠷᠡᠭᠲᠡᠢ ᠭᠡᠯ᠎ᠡ᠃

ᠰᠡᠳᠬᠢᠭᠳᠡᠯ ᠦᠯᠡᠳᠡᠭᠡᠬᠦ