ᠠᠦ᠋ᠲ᠋ᠣ᠋ ᠮᠤᠲ᠋ᠤ᠋ ᠰᠫᠣᠷᠲ ᠤᠨ ᠤᠷᠤᠯᠳᠤᠭᠠᠨ ︽ᠴᠠᠭᠠᠨ ᠬᠥᠲᠥᠯ︾ ᠍ ᠳᠦ ᠪᠣᠯᠤᠨ᠎ᠠ | News.MN

ᠠᠦ᠋ᠲ᠋ᠣ᠋ ᠮᠤᠲ᠋ᠤ᠋ ᠰᠫᠣᠷᠲ ᠤᠨ ᠤᠷᠤᠯᠳᠤᠭᠠᠨ ︽ᠴᠠᠭᠠᠨ ᠬᠥᠲᠥᠯ︾ ᠍ ᠳᠦ ᠪᠣᠯᠤᠨ᠎ᠠ

ᠲᠥᠪ ᠠᠶᠢᠮᠠᠭ ᠤᠨ ᠠᠷᠭᠠᠯᠢᠩᠲᠤ ᠰᠤᠮᠤ ᠶᠢᠨ ︽ᠴᠠᠭᠠᠨ ᠬᠥᠲᠥᠯ ︾ ᠬᠡᠮᠡᠬᠦ ᠭᠠᠵᠠᠷ ᠲᠤ ᠠᠦ᠋ᠲ᠋ᠣ᠋ ᠮᠤᠲ᠋ᠤ᠋ ᠤᠷᠤᠯᠳᠤᠭᠠᠨ ᠢ ᠲᠠᠪᠤᠳᠤᠭᠠᠷ ᠰᠠᠷ᠎ᠠ ᠶᠢᠨ 18-19 ᠍ ᠪᠤᠶᠤ ᠢᠷᠡᠬᠦ ᠠᠮᠠᠷᠠᠯᠲᠠ ᠶᠢᠨ ᠡᠳᠦᠷ ᠦᠳ ᠲᠦ ᠮᠣᠩᠭᠣᠯ ᠤᠨ ᠠᠦ᠋ᠲ᠋ᠣ᠋ ᠮᠠᠰᠲ᠋ᠸᠷ ᠤᠳ ᠤᠨ ᠬᠣᠯᠪᠣᠭ᠎ᠠ ᠵᠣᠬᠢᠶᠠᠨ ᠪᠠᠶᠢᠭᠤᠯᠤᠨ᠎ᠠ᠃ ᠠᠦ᠋ᠲ᠋ᠣ᠋ ᠮᠤᠲ᠋ᠤ᠋ ᠰᠫᠣᠷᠲ ᠰᠣᠨᠢᠷᠬᠠᠭᠴᠢᠳ ᠤᠨ ᠠᠩᠬᠠᠷᠤᠯ ᠢ ᠲᠠᠲᠠᠳᠠᠭ ᠤᠷᠤᠯᠳᠤᠭᠠᠨ ᠨᠤᠭᠤᠳ ᠤᠨ ᠨᠢᠭᠡ ᠳᠦ ᠵᠦᠢ ᠶᠣᠰᠣᠭᠠᠷ ᠣᠷᠣᠳᠠᠭ Baja Mongolia ᠤᠷᠤᠯᠳᠤᠭᠠᠨ ᠨᠡᠶᠢᠲᠡ 50 ᠺᠢᠯᠣᠮᠧᠲ᠋ᠷ ᠵᠠᠮ ᠢ 3 ᠤᠳᠠᠭ᠎ᠠ ᠲᠣᠭᠣᠷᠢᠵᠤ ᠤᠷᠤᠯᠳᠤᠨ᠎ᠠ᠃ ᠡᠨᠡᠬᠦ ᠤᠷᠤᠯᠳᠤᠭᠠᠨ UAZ᠂ UTV᠂ MOTO᠂ SUV᠂ ATV ᠭᠡᠰᠡᠨ ᠲᠠᠪᠤᠨ  ᠲᠦᠷᠦᠯ ᠢᠶᠡᠷ ᠵᠣᠬᠢᠶᠠᠨ ᠶᠠᠪᠤᠭᠤᠯᠳᠠᠭ ᠪᠣᠯᠬᠣᠷ ᠠᠦ᠋ᠲ᠋ᠣ᠋ ᠪᠣᠯᠤᠨ ᠮᠤᠲ᠋ᠤ᠋ ᠰᠫᠣᠷᠲ ᠰᠣᠨᠢᠷᠬᠠᠭᠴᠢ᠂ ᠦᠵᠡᠭᠴᠢ᠂ ᠬᠥᠭᠵᠢᠶᠡᠨ ᠳᠡᠮᠵᠢᠭᠴᠢᠳ ᠢ ᠨᠢᠭᠡᠨ ᠳᠣᠣᠷ᠎ᠠ ᠴᠤᠭᠯᠠᠭᠤᠯᠵᠤ ᠴᠢᠳᠠᠳᠠᠭ ᠤᠯᠠᠮᠵᠢᠯᠠᠯᠲᠤ ᠤᠷᠤᠯᠳᠤᠭᠠᠨ ᠭᠡᠳᠡᠭ ᠢᠶᠡᠷ ᠢᠶᠡᠨ ᠣᠨᠴᠠᠯᠢᠭ ᠲᠠᠢ᠃

ᠰᠡᠳᠬᠢᠭᠳᠡᠯ ᠦᠯᠡᠳᠡᠭᠡᠬᠦ