ᠵᠡᠰ ᠦᠨ ᠡᠺᠰᠫᠣᠷᠲ 30.5 ᠮᠢᠩᠭᠠᠨ ᠲᠣᠨ ᠢᠶᠠᠷ ᠨᠡᠮᠡᠭᠳᠡᠵᠡᠢ | News.MN

ᠵᠡᠰ ᠦᠨ ᠡᠺᠰᠫᠣᠷᠲ 30.5 ᠮᠢᠩᠭᠠᠨ ᠲᠣᠨ ᠢᠶᠠᠷ ᠨᠡᠮᠡᠭᠳᠡᠵᠡᠢ

ᠡᠨᠡ ᠣᠨ ᠳᠤ ᠮᠠᠨ ᠤ ᠤᠯᠤᠰ ᠵᠡᠰ ᠢ ᠲᠣᠨ ᠲᠤᠲᠤᠮ ᠳᠤ 6272.2 ᠳ᠋ᠣᠯᠯᠠᠷ᠂ ᠡᠺᠰᠫᠣᠷᠲ ᠤᠨ ᠬᠡᠮᠵᠢᠶ᠎ᠡ ᠶᠢ 1.4 ᠰᠠᠶ᠎ᠠ ᠲᠣᠨ ᠪᠠᠶᠢᠬᠤ ᠪᠠᠷ ᠲᠣᠭᠠᠴᠠᠵᠤ᠂ 1.3 ᠶᠡᠬᠡ ᠨᠠᠶᠤᠳ ᠲᠥᠭᠥᠷᠢᠭ ᠦᠨ ᠣᠷᠣᠯᠭ᠎ᠠ ᠲᠥᠰᠥᠪ ᠲᠦ ᠲᠥᠪᠯᠡᠷᠡᠭᠦᠯᠬᠦ ᠪᠡᠷ ᠪᠣᠯᠤᠭᠰᠠᠨ᠃ ᠵᠢᠯ  ᠦᠨ ᠡᠬᠢᠨ ᠦ ᠳᠥᠷᠪᠡᠨ ᠰᠠᠷ᠎ᠠ ᠶᠢᠨ ᠪᠠᠶᠢᠳᠠᠯ ᠢᠶᠠᠷ 489.1 ᠮᠢᠩᠭᠠᠨ ᠲᠣᠨ ᠵᠡᠰ ᠦᠨ ᠪᠠᠶᠠᠵᠢᠮᠠᠯ  ᠡᠺᠰᠫᠤᠷᠲᠯᠤᠭᠰᠠᠨ᠃ ᠡᠨᠡ ᠨᠢ ᠥᠩᠭᠡᠷᠡᠭᠰᠡᠨ ᠣᠨ ᠤ ᠮᠥᠨ ᠦᠶ᠎ᠡ ᠶᠢᠨ ᠬᠢ ᠡᠴᠡ 30.5 ᠮᠢᠩᠭᠠᠨ ᠲᠣᠨ ᠢᠶᠠᠷ ᠶᠡᠬᠡ ᠪᠠᠶᠢᠭ᠎ᠠ ᠶᠤᠮ᠃ ᠢᠩᠭᠢᠭᠰᠡᠨ ᠢᠶᠡᠷ ᠵᠡᠰ ᠦᠨ ᠪᠠᠶᠠᠵᠢᠮᠠᠯ ᠤᠨ ᠡᠺᠰᠫᠣᠷᠲ ᠦᠨ᠎ᠡ ᠶᠢᠨ  ᠳ᠋ᠦᠩ ᠢᠶᠡᠷ 672.6 ᠰᠠᠶ᠎ᠠ ᠳ᠋ᠣᠯᠯᠠᠷ ᠪᠠᠶᠢᠭᠰᠠᠨ ᠪᠣᠯ  ᠲᠠᠶᠢᠯᠤᠩᠲᠤ ᠰᠠᠷ᠎ᠠ ᠳᠤ 701.4 ᠰᠠᠶ᠎ᠠ ᠳ᠋ᠣᠯᠯᠠᠷ ᠪᠣᠯᠵᠠᠢ᠃ ᠨᠡᠮᠡᠵᠦ ᠮᠡᠳᠡᠭᠡᠯᠡᠬᠦ ᠳᠦ᠂ ᠥᠨᠥᠳᠥᠷ ᠦᠨ ᠪᠠᠶᠢᠳᠠᠯ ᠢᠶᠠᠷ ᠯᠤᠨᠳᠤᠨ ᠤ ᠮᠧᠲ᠋ᠠᠯ ᠤᠨ ᠪᠢᠷᠵᠢ ᠳᠡᠭᠡᠷ᠎ᠡ ᠵᠡᠰ ᠦᠨ ᠬᠠᠩᠰᠢ 6135 ᠳ᠋ᠣᠯᠯᠠᠷ ᠪᠠᠶᠢᠨ᠎ᠠ᠃

ᠰᠡᠳᠬᠢᠭᠳᠡᠯ ᠦᠯᠡᠳᠡᠭᠡᠬᠦ