ᠤᠷᠠᠯᠢᠭ ᠲᠤ ᠥᠪᠡᠷ ᠦᠨ ᠭᠡᠰᠡᠨ ᠰᠣᠨᠢᠨ ᠰᠣᠳᠣᠨ ᠥᠩᠭᠡ ᠲᠥᠷᠬᠥ᠂ ᠳᠣᠨᠵᠢᠯᠢᠭ ᠪᠠᠶᠢᠳᠠᠯ ᠢᠶᠠᠷ ᠢᠶᠠᠨ ᠢᠯᠭᠠᠷᠠᠵᠤ ᠪᠤᠢ ᠨᠢᠭᠡᠨ ᠪᠣᠯ Mrs.M ᠬᠡᠮᠡᠬᠦ ᠪᠦᠰᠡᠭᠦᠢ᠃ ᠲᠡᠷᠡ ᠪᠡᠷ ᠵᠦᠴᠦᠭᠡᠴᠢᠨ ᠣ᠊∙ᠡᠩᠬᠡᠲᠤᠤᠯᠠ ᠶᠢᠨ ᠥᠬᠢᠨ ᠪᠢᠯᠡ᠃ ᠬᠡᠵᠢᠶ᠎ᠡ ᠴᠤ ᠨᠢᠳᠦ ᠪᠡᠨ ᠬᠠᠷᠠᠭᠤᠯᠳᠠᠭ ᠦᠭᠡᠢ᠂ ᠨᠢᠭᠤᠴᠠᠯᠢᠭ ᠡᠨᠡ ᠡᠮᠡᠭᠲᠡᠢ ᠶᠢ ︽Single Ladies-2︾ ᠺᠢᠨᠣᠨ ᠤ ᠳᠠᠭᠤᠤ ᠪᠠᠷ ᠬᠦᠮᠦᠰ ᠰᠠᠶᠢᠨ ᠮᠡᠳᠡᠬᠦ ᠪᠢᠵᠡ ᠡ᠃ Mrs.M ᠬᠡᠮᠡᠬᠦ ᠨᠢᠭᠤᠴᠠᠯᠢᠭ ᠨᠢᠭᠡᠨ ᠡᠮᠡᠭᠲᠡᠢ ᠷᠧᠶᠢᠫᠧᠷ ᠥᠪᠡᠷ ᠦᠨ ᠢᠶᠡᠨ ᠬᠦᠰᠡᠯ ᠢᠶᠡᠷ ᠪᠦᠬᠦᠨ ᠢ ᠬᠢᠬᠦ ᠶᠢ ᠡᠷᠡᠮᠡᠯᠵᠡᠳᠡᠭ ᠨᠢᠭᠡᠨ᠃ ᠥᠪᠡᠷ ᠦᠨ ᠨᠢᠳᠦ ᠶᠢ ᠨᠢᠭᠤᠵᠤ᠂ ᠨᠢᠭᠤᠴᠠᠯᠢᠭ ᠳᠦᠷᠢ ᠲᠥᠷᠬᠥ ᠪᠡᠷ ᠢᠯᠭᠠᠷᠠᠳᠠᠭ ᠲᠡᠭᠦᠨ ᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ︽ᠡᠮᠦᠨᠡᠲᠦ ᠬᠢᠲᠠᠳ ᠤᠨ ᠥᠷᠯᠥᠭᠡᠨ ᠦ ᠰᠢᠤᠳᠠᠨ︾ ᠍ ᠳᠦ ᠣᠨᠴᠠᠯᠠᠵᠠᠢ᠃ ᠲᠡᠭᠦᠨ ᠦ ᠨᠡᠷ᠎ᠡ ᠶᠢ ᠨ᠂ ᠲᠠᠮᠢᠷ ᠭᠡᠳᠡᠭ ᠪᠥᠭᠡᠳ ᠬᠢᠲᠠᠳ ᠪᠣᠯᠤᠨ ᠪᠠᠷᠠᠭᠤᠨ ᠤ ᠣᠷᠣᠨ ᠨᠤᠭᠤᠳ ᠲᠤ ᠬᠠᠲᠤᠭᠲᠠᠢ M ᠥᠪᠡᠷ ᠦᠨ ᠰᠣᠨᠣᠰᠤᠭᠴᠢ ᠲᠠᠢ ᠪᠣᠯᠤᠭᠠᠳ ᠪᠠᠶᠢᠭ᠎ᠠ ᠠᠵᠠᠢ ᠃
ᠲᠡᠭᠦᠨ ᠦ ᠲᠤᠬᠠᠢ ᠬᠢᠲᠠᠳ ᠤᠨ ᠬᠡᠪᠯᠡᠯ ᠣᠨᠴᠠᠯᠠᠬᠤ ᠳᠤ ᠪᠠᠨ ᠄ᠮᠣᠩᠭᠣᠯ ᠤᠨ ᠵᠠᠯᠠᠭᠤ ᠦᠶ᠎ᠡ ᠶᠢᠨ ᠬᠢᠨ ᠦ ᠰᠣᠨᠢᠷᠬᠠᠨ ᠰᠣᠨᠣᠰᠳᠠᠭ ᠬᠢᠫ ᠬᠣᠫ ᠤᠷᠠᠯᠢᠭ ᠲᠤ ᠲᠡᠭᠦᠨ ᠦ ᠬᠣᠭᠣᠯᠠᠢ ᠶᠠᠭᠠᠬᠢᠬᠤ ᠠᠷᠭ᠎ᠠ ᠦᠭᠡᠢ ᠴᠠᠮᠢᠨ ᠰᠢᠭᠢᠳᠬᠡᠭᠡ ᠪᠣᠯᠳᠠᠭ᠃ ᠤᠯᠤᠰ ᠣᠷᠣᠨ ᠤ ᠦᠢᠮᠡᠭᠡᠨ ᠰᠠᠮᠠᠭᠤᠨ᠂ ᠠᠮᠢᠳᠤᠷᠠᠯ ᠳᠤ ᠪᠣᠯᠵᠤ ᠪᠠᠶᠢᠭ᠎ᠠ ᠪᠦᠬᠦᠢ ᠯᠠ ᠠᠰᠠᠭᠤᠳᠠᠯ ᠢ ᠦᠨᠡᠨ ᠦᠭᠡ ᠪᠡᠷ ᠨᠢᠭᠤᠯ ᠦᠭᠡᠢ ᠬᠡᠯᠡᠳᠡᠭ ᠤᠷᠠᠯᠢᠭ ᠪᠣᠯ ᠶᠠᠭᠠᠬᠢᠬᠤ ᠠᠷᠭ᠎ᠠ ᠦᠭᠡᠢ ᠬᠢᠫ ᠬᠣᠫ᠃ ᠢᠯᠠᠩᠭᠤᠶ᠎ᠠ ᠣᠷᠣᠰ ᠤᠳ ᠦᠨᠡᠨ ᠢ ᠰᠢᠯᠦᠭ ᠢᠶᠡᠷ ᠢᠶᠡᠨ ᠨᠢᠭᠤᠯ ᠦᠭᠡᠢ ᠬᠡᠯᠡᠳᠡᠭ ᠤᠯᠤᠰ᠃ ᠬᠠᠲᠤᠭᠲᠠᠢ M ᠣᠯᠠᠨ ᠤᠯᠤᠰ ᠲᠤ ᠨᠡᠷ᠎ᠡ ᠬᠦᠨᠳᠦᠲᠡᠢ ᠪᠣᠯᠵᠤ᠂ ᠠᠩᠬᠠᠨ ᠤ ᠳᠠᠭᠤᠤ ᠪᠠᠨ ᠲᠠᠪᠤᠳᠤᠭᠠᠷ ᠰᠠᠷ᠎ᠠ ᠶᠢᠨ 17 ᠳᠦ Tasty ᠳᠡᠭᠡᠷ᠎ᠡ ᠲᠠᠯᠪᠢᠭᠤᠯᠬᠤ ᠭᠡᠵᠦ ᠪᠠᠶᠢᠨ᠎ᠠ᠃ ᠲᠡᠷᠡᠪᠡᠷ 2015 ᠣᠨ ᠳᠤ Lil Thug-Eᠲᠡᠢ ᠬᠠᠮᠲᠤᠷᠠᠭᠰᠠᠨ ︽ᠴᠣᠷ ᠭᠠᠭᠴᠠ︾ ᠨᠡᠷ᠎ᠡ ᠲᠡᠢ ᠳᠠᠭᠤᠤ ᠪᠠᠷ ᠢᠶᠠᠨ ᠬᠠᠮᠤᠭ ᠤᠨ ᠠᠩᠬ᠎ᠠ ᠣᠯᠠᠨ ᠤ ᠡᠮᠦᠨ᠎ᠡ ᠭᠠᠷᠴᠤ ᠪᠠᠶᠢᠪᠠ᠃ ᠲᠡᠭᠦᠨ ᠦ ᠵᠥᠪᠬᠡᠨ ᠮᠣᠩᠭᠣᠯ ᠬᠡᠯᠡ ᠪᠡᠷ ᠳᠠᠭᠤᠯᠠᠭᠰᠠᠨ ᠳᠠᠭᠤᠤ ᠨᠤᠭᠤᠳ ᠯᠠ ᠭᠡᠬᠦ ᠳᠦ YouTube ᠳᠡᠭᠡᠷ᠎ᠡ ᠨᠢᠭᠡ ᠰᠠᠶ᠎ᠠ ᠭᠠᠷᠤᠢ ᠬᠠᠨᠳᠤᠯᠲᠠ ᠠᠪᠴᠠᠢ ᠭᠡᠵᠦ ᠪᠢᠴᠢᠭᠰᠡᠨ ᠪᠠᠶᠢᠨ᠎ᠠ᠃