20 ᠬᠦᠷᠲᠡᠯᠡᠬᠢ ᠰᠠᠶ᠎ᠠ ᠲᠥᠭᠥᠷᠢᠭ ᠦᠨ ᠵᠢᠭᠡᠯᠡ ᠶᠢ ᠪᠠᠷᠢᠴᠠᠭ᠎ᠠ ᠦᠭᠡᠢ ᠣᠯᠭᠤᠨ᠎ᠠ | News.MN

20 ᠬᠦᠷᠲᠡᠯᠡᠬᠢ ᠰᠠᠶ᠎ᠠ ᠲᠥᠭᠥᠷᠢᠭ ᠦᠨ ᠵᠢᠭᠡᠯᠡ ᠶᠢ ᠪᠠᠷᠢᠴᠠᠭ᠎ᠠ ᠦᠭᠡᠢ ᠣᠯᠭᠤᠨ᠎ᠠ

ᠥᠨᠥᠳᠥᠷ ᠮᠤᠩᠭᠤᠯ ᠠᠷᠠᠳ ᠤᠨ ᠨᠠᠮ᠍ ᠤᠨ ᠪᠦᠯᠦᠭ ᠬᠤᠷᠠᠯᠳᠤᠵᠤ ᠪᠠᠩᠬᠢᠨ ᠤ ᠪᠠᠷᠢᠴᠠᠭ᠎ᠠ ᠦᠭᠡᠢ ᠪᠡᠷ ᠢᠲᠡᠭᠡᠯ ᠦᠨ ᠵᠢᠭᠡᠯᠡ ᠣᠯᠭᠣᠬᠤ ᠬᠠᠤᠯᠢ  ᠶᠢᠨ ᠲᠥᠰᠥᠯ ᠢ ᠬᠡᠯᠡᠯᠴᠡᠭᠡᠳ ᠳᠡᠮᠵᠢᠬᠦ ᠨᠢ ᠵᠦᠢᠲᠡᠢ ᠭᠡᠵᠤ ᠦᠵᠡᠭᠰᠡᠨ ᠪᠠᠶᠢᠨ᠎ᠠ᠃ ᠬᠠᠤᠯᠢ ᠶᠢᠨ ᠲᠥᠰᠥᠯ ᠢ ᠤᠯᠤᠰ ᠤᠨ ᠶᠡᠬᠡ ᠬᠤᠷᠠᠯ ᠤᠨ ᠭᠡᠰᠢᠭᠦᠨ ᠳ∙ᠤᠶᠤᠨᠬᠤᠷᠯᠤ ᠲᠡᠷᠢᠭᠦᠲᠡᠢ 27 ᠭᠡᠰᠢᠭᠦᠨ ᠰᠠᠨᠠᠭᠠᠴᠢᠯᠠᠭᠰᠠᠨ ᠪᠠᠶᠢᠨ᠎ᠠ᠃ ᠳ∙ᠤᠶᠤᠨᠬᠤᠷᠯᠤ᠄ ᠵᠢᠯ ᠦᠨ 3% ᠶᠢᠨ ᠬᠦᠦ ᠲᠠᠢ 20 ᠬᠦᠷᠲᠡᠯᠡᠬᠢ ᠰᠠᠶ᠎ᠠ ᠲᠥᠭᠥᠷᠢᠭ ᠦᠨ ᠵᠢᠭᠡᠯᠡ ᠶᠢ ᠪᠠᠷᠢᠴᠠᠭ᠎ᠠ ᠦᠭᠡᠢ ᠣᠯᠭᠤᠨ᠎ᠠ᠃ ᠲᠥᠷᠥ ᠢᠷᠭᠡᠳ ᠲᠦ ᠪᠡᠨ ᠢᠲᠡᠭᠡᠵᠦ ᠵᠢᠭᠡᠯᠡ ᠣᠯᠭᠤᠵᠤ ᠪᠤᠢ ᠬᠡᠯᠪᠡᠷᠢ᠃ ᠰᠡᠭᠦᠯ ᠦᠨ ᠨᠢᠭᠡ ᠵᠢᠯ ᠪᠢᠽᠢᠨᠧᠰ ᠬᠢᠭᠰᠡᠨ᠂ ᠵᠢᠭᠡᠯᠡ ᠶᠢᠨ ᠮᠠᠭᠤ ᠲᠡᠦᠬᠡ ᠦᠭᠡᠢ᠂ ᠰᠠᠩᠬᠦᠦ ᠶᠢᠨ ᠲᠠᠯ᠎ᠠ ᠪᠠᠷ ᠰᠤᠷᠭᠠᠯᠲᠠ ᠳᠤ ᠰᠠᠭᠤᠭᠰᠠᠨ ᠬᠦᠮᠦᠰ ᠠᠪᠬᠤ ᠪᠣᠯᠤᠮᠵᠢ ᠲᠠᠢ᠃ ᠢᠷᠭᠡᠳ ᠥᠪᠡᠷ ᠦᠨ ᠢᠶᠡᠨ ᠠᠮᠢᠵᠢᠷᠠᠭ᠎ᠠ ᠶᠢ ᠰᠢᠢᠳᠳᠡᠭ ᠪᠣᠯᠴᠢᠬᠠᠪᠠᠯ ᠲᠥᠷᠥ ᠡᠴᠡ ᠬᠠᠮᠢᠶᠠᠷᠤᠯ ᠦᠭᠡᠢ ᠪᠣᠯᠤᠨ᠎ᠠ᠃  ᠵᠢᠭᠡᠯᠡ ᠶᠢ ᠲᠥᠷᠥ ᠶᠢᠨ ᠪᠠᠩᠬᠢ ᠪᠠᠷ ᠳᠠᠮᠵᠢᠭᠤᠯᠵᠤ ᠣᠯᠭᠤᠨ᠎ᠠ᠂ ᠡᠳ᠋ ᠍ ᠦᠨ ᠵᠠᠰᠠᠭ ᠲᠤ ᠠᠴᠢᠶᠠᠯᠠᠯ ᠡᠭᠦᠰᠬᠡᠬᠦ ᠦᠭᠡᠢ ᠭᠡᠰᠡᠨ ᠶᠤᠮ ᠃ ᠮᠡᠳᠡᠭᠡᠯᠡᠯ ᠦᠨ ᠳᠠᠷᠠᠭ᠎ᠠ ᠰᠡᠳᠬᠦᠯᠴᠢᠳ ᠦᠨ ᠰᠣᠨᠢᠷᠬᠠᠭᠰᠠᠨ ᠠᠰᠠᠭᠤᠯᠲᠠ ᠳᠤ ᠬᠠᠷᠢᠭᠤᠯᠤᠯ᠎ᠠ᠃
– ᠤᠭ᠍ᠶᠤᠲᠤᠯᠤᠭᠠᠢ ᠶᠢᠨ ᠠᠵᠢᠯ ᠤᠨ ᠬᠡᠰᠡᠭ ᠦᠨ ᠳ᠋ᠦᠩᠨᠡᠯᠲᠡ ᠶᠢ ᠪᠠᠶᠢᠩᠭᠤ ᠶᠢᠨ ᠬᠣᠷᠢᠶ᠎ᠠ ᠪᠠᠷ ᠬᠡᠯᠡᠯᠴᠡᠬᠦ ᠡᠴᠡ ᠡᠮᠦᠨ᠎ᠡ ᠤᠭ᠍ᠶᠤᠲᠤᠯᠤᠭᠠᠢ ᠺᠣᠮᠫᠠᠨᠢ ᠳᠤ ᠥᠭᠭᠦᠭᠰᠡᠨ ᠠᠰᠠᠭᠤᠳᠠᠯ ᠢ ᠥᠨᠥᠳᠥᠷ ᠦᠨ ᠬᠤᠷᠠᠯᠳᠤᠭᠠᠨ ᠢᠶᠠᠷ ᠬᠡᠯᠡᠯᠴᠡᠭᠰᠡᠨ ᠦᠦ︖
– ᠢᠷᠡᠬᠦ ᠳᠣᠯᠣᠭ᠎ᠠ ᠬᠣᠨᠣᠭ ᠲᠤ ᠤᠭ᠍ᠶᠤᠲᠤᠯᠤᠭᠠᠢ  ᠳᠤ ᠬᠢᠭᠰᠡᠨ ᠰᠢᠯᠭᠠᠯᠲᠠ ᠶᠢᠨ ᠳ᠋ᠦᠩᠨᠡᠯᠲᠡ ᠶᠢ ᠬᠡᠯᠡᠯᠴᠡᠨ᠎ᠡ᠃ ᠡᠳ᠋ ᠍ ᠦᠨ ᠵᠠᠰᠠᠭ ᠤᠨ ᠪᠠᠶᠢᠩᠭᠤ ᠶᠢᠨ ᠬᠣᠷᠢᠶᠠᠨ ᠤ ᠳᠠᠷᠤᠭ᠎ᠠ ᠶᠢᠨ ᠵᠥᠪᠰᠢᠶᠡᠷᠡᠯ ᠢᠶᠡᠷ ᠨᠢᠭᠤᠴᠠ ᠳᠤ ᠬᠠᠮᠢᠶᠠᠷᠬᠤ ᠦᠭᠡᠢ ᠬᠡᠰᠡᠭ ᠢ ᠨᠢ ᠤᠯᠤᠰ ᠤᠨ ᠶᠡᠬᠡ ᠬᠤᠷᠠᠯ ᠤᠨ ᠭᠡᠰᠢᠭᠦᠳ ᠲᠦ ᠥᠭᠭᠦᠭᠰᠡᠨ᠃

– ᠬᠡᠨᠲᠡᠢ ᠶᠢᠨ 42 ᠳ᠋ᠤᠭᠠᠷ ᠲᠣᠭᠣᠷᠢᠭ ᠲᠤ ᠶᠡᠷᠦᠩᠬᠡᠢ ᠰᠠᠶᠢᠳ ᠤ᠊∙ᠬᠦᠷᠡᠯᠰᠦ᠋ᠬᠡ ᠤᠷᠤᠯᠴᠠᠬᠤ ᠨᠢ ᠦᠨᠡᠨ ᠦᠦ ︖
– ᠤᠭ ᠠᠰᠠᠭᠤᠳᠠᠯ ᠢ ᠥᠨᠥᠳᠥᠷ ᠦᠨ ᠬᠤᠷᠠᠯᠳᠤᠭᠠᠨ ᠢᠶᠠᠷ ᠬᠡᠯᠡᠯᠴᠡᠭᠡ ᠦᠭᠡᠢ᠃ ᠨᠡᠷ᠎ᠡ ᠳᠡᠪᠰᠢᠭᠴᠢ ᠶᠢ ᠲᠣᠳᠣᠷᠠᠭᠤᠯᠬᠤ ᠬᠤᠭᠤᠴᠠᠭ᠎ᠠ ᠨᠢ ᠡᠨᠡ ᠰᠠᠷ᠎ᠠ ᠶᠢᠨ 25-27 ᠍ ᠤ ᠡᠳᠦᠷ ᠰᠢᠦ ᠳ᠋ᠡ᠃
– ᠤᠭ᠍ᠶᠤᠲᠤᠯᠤᠭᠠᠢ ᠶᠢ ᠰᠢᠯᠭᠠᠭᠰᠠᠨ ᠠᠵᠢᠯ ᠤᠨ ᠬᠡᠰᠡᠭ ᠦᠨ ᠳ᠋ᠦᠩᠨᠡᠯᠲᠡ ᠶᠢ ᠬᠥᠷᠥᠩᠭᠡ ᠣᠷᠣᠭᠤᠯᠤᠭᠴᠢ ᠲᠠᠯ᠎ᠠ ᠳᠤ ᠥᠭᠭᠦᠭᠰᠡᠨ ᠳ∙ᠳᠠᠮᠪᠠᠸᠠᠴᠢᠷ ᠭᠡᠰᠢᠭᠦᠨ ᠳᠦ ᠬᠠᠷᠢᠭᠤᠴᠠᠯᠭ᠎ᠠ ᠲᠣᠭᠠᠴᠠᠬᠤ ᠤᠤ︖
– ᠤᠭ᠍ᠶᠤᠲᠤᠯᠤᠭᠠᠢ ᠺᠣᠮᠫᠠᠨᠢ ᠬᠦᠰᠡᠯᠲᠡ ᠢᠷᠡᠭᠦᠯᠦᠭᠰᠡᠨ ᠤᠴᠢᠷ ᠠᠴᠠ ᠠᠵᠢᠯ ᠤᠨ ᠬᠡᠰᠡᠭ ᠦᠨ ᠳ᠋ᠦᠩᠨᠡᠯᠲᠡ ᠶᠢ ᠶᠠᠪᠤᠭᠤᠯᠤᠭᠰᠠᠨ ᠶᠤᠮ ᠪᠢᠯᠡ᠃ ᠮᠠᠲ᠋ᠧᠷᠢᠶᠠᠯ ᠨᠢ ᠨᠢᠭᠤᠴᠠ ᠶᠢᠨ ᠵᠡᠷᠭᠡᠯᠡᠯ ᠳᠦ ᠬᠠᠮᠢᠶᠠᠷᠤᠭ᠎ᠠ ᠦᠭᠡᠢ ᠪᠠᠶᠢᠭᠰᠠᠨ᠃
– ᠡᠷᠡᠭᠦᠦ ᠶᠢᠨ ᠬᠠᠤᠯᠢ  ᠳᠤ ᠬᠦᠭᠡᠭᠡᠨ ᠬᠡᠯᠡᠯᠴᠡᠬᠦ ᠬᠤᠭᠤᠴᠠᠭ᠎ᠠ ᠶᠢ ᠦᠭᠡᠷᠡᠴᠢᠯᠡᠭᠰᠡᠨ ᠡᠴᠡ ᠡᠭᠦᠳᠴᠦ ᠠᠪᠯᠢᠭ᠎ᠠ ᠠᠯᠪᠠᠨ ᠲᠤᠰᠢᠶᠠᠯ ᠤᠨ ᠬᠡᠷᠡᠭ ᠦᠳ ᠪᠣᠯᠪᠠᠰᠤᠨ ᠪᠠᠶᠢᠳᠠᠯ ᠢᠶᠠᠷ ᠦᠷᠦᠰᠢᠶᠡᠭᠳᠡᠭᠡᠳ ᠪᠠᠶᠢᠨ᠎ᠠ᠃ ᠡᠭᠦᠨ ᠢ ᠡᠷᠭᠢᠵᠦ ᠬᠠᠷᠠᠬᠤ ᠤᠤ︖
-ᠡᠷᠡᠭᠦᠦ ᠶᠢᠨ ᠬᠠᠤᠯᠢ ᠶᠢ ᠦᠭᠡᠷᠡᠴᠢᠯᠡᠬᠦ ᠠᠵᠢᠯ ᠤᠨ ᠬᠡᠰᠡᠭ ᠠᠵᠢᠯᠯᠠᠵᠤ ᠪᠠᠶᠢᠭ᠎ᠠ ᠶᠤᠮ ᠪᠢᠯᠡ᠃ ᠡᠨᠡ  ᠦᠭᠡᠷᠡᠴᠢᠯᠡᠯᠲᠡ ᠳᠦ ᠪᠠᠭᠲᠠᠭᠠᠬᠤ ᠰᠠᠨᠠᠯ ᠢ ᠭᠡᠰᠢᠭᠦᠳ ᠭᠠᠷᠭᠠᠵᠤ ᠪᠠᠶᠢᠭ᠎ᠠ᠃

ᠰᠡᠳᠬᠢᠭᠳᠡᠯ ᠦᠯᠡᠳᠡᠭᠡᠬᠦ