19 ᠠᠮᠢᠲᠠᠨ ᠤ ᠪᠡᠷᠲᠡᠯ ᠢ ᠡᠳᠡᠭᠡᠭᠡᠵᠦ ᠪᠠᠶᠢᠭᠠᠯᠢ ᠳᠤ ᠨᠢ ᠲᠠᠯᠪᠢᠵᠠᠢ | News.MN

19 ᠠᠮᠢᠲᠠᠨ ᠤ ᠪᠡᠷᠲᠡᠯ ᠢ ᠡᠳᠡᠭᠡᠭᠡᠵᠦ ᠪᠠᠶᠢᠭᠠᠯᠢ ᠳᠤ ᠨᠢ ᠲᠠᠯᠪᠢᠵᠠᠢ

ᠰᠠᠭᠤᠷᠢᠰᠢᠯ ᠤᠨ ᠪᠥᠰᠡ ᠶᠢᠨ ᠲᠡᠯᠡᠯᠲᠡ᠂ ᠬᠤᠷ᠎ᠠ ᠲᠤᠨᠳᠠᠰᠤᠨ ᠤ ᠭᠣᠷᠢᠮ ᠥᠭᠡᠷᠡᠴᠢᠯᠡᠭᠳᠡᠭᠰᠡᠨ ᠦ ᠤᠯᠠᠮ ᠠᠴᠠ ᠣᠢ ᠶᠢᠨ ᠳᠠᠭᠠᠯᠳᠤᠬᠤ ᠪᠠᠶᠠᠯᠢᠭ ᠪᠤᠶᠤ ᠰᠠᠮᠤᠷ᠂ ᠵᠢᠮᠢᠰᠦᠨ ᠦ ᠭᠠᠷᠴᠠ ᠪᠠᠭᠠᠰᠴᠠᠢ᠃ ᠡᠭᠦᠨ ᠦ ᠤᠯᠠᠮ ᠠᠴᠠ ᠵᠡᠷᠯᠢᠭ ᠠᠮᠢᠲᠠᠳ ᠬᠣᠭᠣᠯᠠ ᠲᠡᠵᠢᠭᠡᠯ ᠬᠠᠶᠢᠬᠤ ᠵᠣᠷᠢᠯᠭ᠎ᠠ ᠪᠠᠷ ᠰᠠᠭᠤᠷᠢᠰᠢᠯ ᠤᠨ ᠪᠥᠰᠡ ᠤᠷᠤᠭᠤ ᠣᠷᠣᠵᠤ᠂ ᠨᠣᠬᠠᠢ ᠳᠤ ᠬᠠᠵᠠᠭᠤᠯᠵᠤ ᠪᠡᠷᠲᠡᠬᠦ ᠨᠢ ᠡᠯᠪᠡᠭ ᠪᠠᠶᠢᠳᠠᠭ᠃ ᠮᠥᠨ ᠮᠠᠰᠢᠨ ᠳᠤ ᠮᠥᠷᠭᠥᠭᠦᠯᠬᠦ ᠵᠡᠷᠭᠡ ᠪᠡᠷ ᠭᠡᠮᠲᠦᠳᠡᠭ ᠪᠠᠶᠢᠨ᠎ᠠ᠃
ᠲᠡᠶᠢᠮᠦ ᠡᠴᠡ ᠭᠡᠮᠲᠦᠭᠰᠡᠨ ᠠᠮᠢᠲᠠᠳ ᠢ ᠬᠠᠮᠠᠭᠠᠯᠠᠬᠤ ᠵᠣᠷᠢᠯᠭ᠎ᠠ ᠪᠠᠷ ︽ᠵᠡᠷᠯᠢᠭ ᠠᠮᠢᠲᠠᠨ ᠬᠠᠮᠠᠭᠠᠯᠠᠬᠤ᠂ ᠠᠰᠠᠷᠠᠬᠤ ᠲᠥᠪ ︾᠍ ᠢ ᠥᠩᠭᠡᠷᠡᠭᠰᠡᠨ ᠣᠨ ᠳᠤ ᠪᠠᠶᠢᠭᠤᠯᠤᠭᠰᠠᠨ᠃ ᠡᠨᠡ ᠣᠨ ᠤ ᠡᠬᠢᠨ ᠦ ᠲᠠᠪᠤᠨ ᠰᠠᠷ᠎ᠠ ᠶᠢᠨ ᠪᠠᠶᠢᠳᠠᠯ ᠢᠶᠠᠷ ᠲᠤᠰ ᠲᠥᠪ ᠦᠨ ᠬᠢᠨ 19 ᠠᠮᠢᠲᠠᠨ ᠤ ᠪᠡᠷᠲᠡᠯ ᠢ ᠡᠳᠡᠭᠡᠭᠡᠵᠦ᠂ ᠪᠠᠶᠢᠭᠠᠯᠢ ᠳᠤ ᠨᠢ ᠲᠠᠯᠪᠢᠭᠰᠠᠨ ᠪᠠᠶᠢᠨ᠎ᠠ᠃ ᠡᠶᠢᠮᠦ ᠲᠥᠷᠥᠯ ᠦᠨ ᠦᠢᠯᠡ ᠠᠵᠢᠯᠯᠠᠭ᠎ᠠ ᠶᠠᠪᠤᠭᠤᠯᠳᠠᠭ ᠪᠠᠶᠢᠭᠤᠯᠤᠯᠭ᠎ᠠ ᠮᠣᠩᠭᠣᠯ ᠤᠯᠤᠰ ᠲᠤ ᠭᠠᠭᠴᠠ ᠯᠠ ᠪᠤᠢ᠃ ᠲᠡᠶᠢᠮᠦ ᠡᠴᠡ ᠣᠷᠣᠨ ᠨᠤᠲᠤᠭ ᠠᠴᠠ ᠢᠷᠡᠭᠰᠡᠨ ᠪᠡᠷᠲᠡᠯ ᠲᠠᠢ ᠠᠮᠢᠲᠠᠳ ᠢ ᠴᠤ ᠡᠮᠴᠢᠯᠡᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ