︽ᠳ᠋ᠠᠯᠢ ᠴᠡᠴᠡᠭᠯᠡᠬᠦ ᠴᠠᠭ-2019》 ᠪᠠᠶᠠᠷ ᠮᠠᠷᠭᠠᠰᠢ ᠪᠣᠯᠤᠨ᠎ᠠ   | News.MN

 ︽ᠳ᠋ᠠᠯᠢ ᠴᠡᠴᠡᠭᠯᠡᠬᠦ ᠴᠠᠭ-2019》 ᠪᠠᠶᠠᠷ ᠮᠠᠷᠭᠠᠰᠢ ᠪᠣᠯᠤᠨ᠎ᠠ  

ᠬᠥᠪᠰᠥᠭᠥᠯ ᠠᠶᠢᠮᠠᠭ ᠤᠨ ᠡᠷᠳᠡᠨᠢᠪᠤᠯᠠᠭᠠᠨ ᠰᠤᠮᠤᠨ ᠳᠤ ︽ᠳ᠋ᠠᠯᠢ ᠴᠡᠴᠡᠭᠯᠡᠬᠦ ᠴᠠᠭ-2019》 ᠪᠠᠶᠠᠷ ᠮᠠᠷᠭᠠᠰᠢ ᠪᠣᠯᠤᠨ᠎ᠠ᠃ ᠲᠤᠰ ᠰᠤᠮᠤ  ᠵᠢᠯ ᠪᠦᠷᠢ ᠰᠤᠮᠤ ᠣᠷᠣᠨ ᠨᠤᠲᠤᠭ ᠢᠶᠠᠨ ᠰᠤᠷᠲᠠᠯᠴᠢᠯᠠᠬᠤ᠂ ᠦᠵᠡᠰᠬᠦᠯᠡᠩᠲᠦ ᠪᠠᠶᠢᠭᠠᠯᠢ ᠪᠠᠷ ᠢᠶᠠᠨ ᠪᠠᠬᠠᠷᠬᠠᠬᠤ᠂ ᠳᠣᠲᠣᠭᠠᠳᠤ ᠶᠢᠨ ᠵᠢᠭᠤᠯᠴᠢᠳ ᠢ ᠨᠡᠮᠡᠭᠳᠡᠭᠦᠯᠬᠦ᠂ ᠲᠥᠷᠥ ᠶᠢᠨ ᠠᠯᠪᠠᠨ ᠬᠠᠭᠠᠭᠴᠢᠳ ᠪᠣᠯᠤᠨ ᠬᠤᠪᠢ ᠶᠢᠨ ᠬᠡᠪᠰᠢᠯ ᠦᠨ ᠪᠠᠶᠢᠭᠤᠯᠤᠯᠭ᠎ᠠ ᠨᠤᠭᠤᠳ᠂ ᠪᠠᠭ ᠤᠨ ᠢᠷᠭᠡᠳ ᠦᠨ ᠢᠳᠡᠪᠬᠢ ᠣᠷᠣᠯᠴᠠᠭ᠎ᠠ ᠶᠢ ᠨᠡᠮᠡᠭᠳᠡᠭᠦᠯᠵᠦ ᠂ ᠨᠢᠭᠡ ᠡᠳᠦᠷ ᠦᠨ ᠢᠳᠡᠪᠬᠢᠲᠡᠢ ᠬᠥᠳᠡᠯᠭᠡᠭᠡᠨ ᠬᠢᠯᠭᠡᠬᠦ ᠵᠣᠷᠢᠯᠭ᠎ᠠ ᠪᠠᠷ ᠡᠨᠡ ᠪᠠᠶᠠᠷ ᠢ ᠬᠢᠳᠡᠭ ᠪᠣᠯᠵᠠᠢ᠃
ᠲᠤᠰ ᠠᠷᠭ᠎ᠠ ᠬᠡᠮᠵᠢᠶ᠎ᠡ ᠶᠢ ᠠᠩᠬ᠎ᠠ 2007 ᠣᠨ ᠳᠤ ᠬᠢᠭᠰᠡᠨ ᠪᠣᠯ ᠥᠷᠭᠡᠵᠢᠨ ᠲᠡᠯᠡᠭᠰᠡᠭᠡᠷ ︽ ᠳ᠋ᠠᠯᠢ  ᠶᠢᠨ ᠪᠠᠶᠠᠷ ︾ ᠨᠡᠷ᠎ᠡ ᠲᠡᠢ ᠪᠣᠯᠵᠤ ᠂ ᠰᠤᠮᠤ ᠣᠷᠣᠨ ᠨᠤᠲᠤᠭ ᠲᠡᠳᠦᠢ ᠦᠭᠡᠢ ᠬᠥᠷᠰᠢ ᠵᠡᠷᠭᠡᠯᠡᠳᠡᠭᠡ ᠰᠤᠮᠤ᠂ ᠠᠶᠢᠮᠠᠭ ᠣᠷᠣᠨ ᠨᠤᠲᠤᠭ ᠠᠴᠠ ᠣᠯᠠᠨ ᠢᠷᠭᠡᠳ ᠵᠣᠷᠢᠨ ᠣᠴᠢᠳᠠᠭ ᠪᠣᠯᠵᠠᠢ᠃ ᠳ᠋ᠠᠯᠢ ᠨᠢ 5 ᠳ᠋ᠤᠭᠠᠷ ᠰᠠᠷ᠎ᠠ ᠶᠢᠨ ᠡᠬᠢ ᠪᠡᠷ ᠴᠡᠴᠡᠭᠯᠡᠳᠡᠭ ᠪᠥᠭᠡᠳ 7 ᠬᠣᠨᠣᠭᠠᠳ ᠬᠠᠭᠳᠠᠷᠠᠳᠠᠭ ᠲᠤᠯᠠ ᠳᠥᠩᠭᠡᠵᠢ ᠳᠡᠯᠪᠢᠭᠡᠯᠡᠬᠦ ᠦᠶ᠎ᠡ ᠳᠦ ᠨᠢ ᠡᠮᠴᠢᠯᠡᠭᠡᠨ ᠦ ᠵᠢᠷᠤᠮ ᠢᠶᠠᠷ ᠪᠤᠲᠠᠨ ᠳᠤᠮᠳᠠ ᠰᠠᠭᠤᠳᠠᠭ ᠭᠡᠨ᠎ᠡ᠃ ᠮᠣᠩᠭᠣᠯᠴᠤᠳ ᠡᠷᠲᠡ ᠳᠡᠭᠡᠷ᠎ᠡ ᠦᠶᠡᠰ  ᠳ᠋ᠠᠯᠢ ᠴᠡᠴᠡᠭ ᠢ ᠨᠤᠶᠢᠷ ᠦᠭᠡᠶᠢᠲᠡᠯ᠂ ᠶᠠᠳᠠᠷᠠᠭ᠎ᠠ᠂ ᠲᠥᠪ ᠪᠠ ᠵᠠᠬ᠎ᠠ ᠶᠢᠨ ᠮᠡᠳᠡᠷᠡᠯ ᠦᠨ ᠡᠮᠭᠡᠭ᠂ ᠵᠢᠷᠦᠬᠡᠨ ᠦ ᠡᠪᠡᠳᠴᠢᠨ ᠢ ᠡᠮᠴᠢᠯᠡᠵᠦ᠂ ᠬᠦᠮᠦᠨ ᠢ ᠲᠠᠶᠢᠪᠤᠰᠢᠷᠠᠭᠤᠯᠤᠨ ᠠᠯᠵᠢᠶᠠᠯ ᠶᠠᠳᠠᠷᠠᠭ᠎ᠠ ᠲᠠᠶᠢᠯᠳᠠᠭ ᠭᠡᠵᠦ ᠦᠵᠡᠳᠡᠭ ᠪᠥᠭᠡᠳ ᠬᠡᠲᠦ ᠤᠳᠠᠭᠠᠨ ᠰᠠᠭᠤᠬᠤ ᠶᠢ ᠬᠣᠷᠢᠭᠯᠠᠳᠠᠭ ᠠᠵᠡᠢ᠃

ᠰᠡᠳᠬᠢᠭᠳᠡᠯ ᠦᠯᠡᠳᠡᠭᠡᠬᠦ