ᠰᠢᠳᠤᠷᠭᠤ ᠨᠠᠭᠠᠳᠬᠤ ᠪᠣᠯᠤᠮᠵᠢ ᠶᠢ ᠤᠶᠠᠭᠠᠴᠢᠳ ᠲᠤ ᠣᠯᠭᠤᠨ᠎ᠠ | News.MN

ᠰᠢᠳᠤᠷᠭᠤ ᠨᠠᠭᠠᠳᠬᠤ ᠪᠣᠯᠤᠮᠵᠢ ᠶᠢ ᠤᠶᠠᠭᠠᠴᠢᠳ ᠲᠤ ᠣᠯᠭᠤᠨ᠎ᠠ

ᠮᠣᠩᠭᠣᠯ ᠤᠨ ᠦᠨᠳᠦᠰᠦᠨ ᠦ ᠮᠣᠷᠢᠨ ᠤᠷᠤᠯᠳᠤᠭᠠᠨ᠂ ᠤᠶᠠᠭᠠᠴᠢᠳ ᠤᠨ ᠬᠣᠯᠪᠣᠭᠠᠨ ᠠᠴᠠ 2019.05.10 ᠳᠤ ᠮᠡᠳᠡᠭᠡᠯᠡᠯ ᠬᠢᠯ᠎ᠡ᠃ ᠤᠭ ᠬᠤᠷᠠᠯ ᠢᠶᠠᠷ ᠬᠣᠯᠪᠣᠭᠠᠨ ᠤ ᠪᠠᠷᠢᠮᠲᠠᠯᠠᠬᠤ ᠴᠢᠭᠯᠡᠯ᠂ ᠦᠢᠯᠡ ᠠᠵᠢᠯᠯᠠᠭᠠᠨ ᠤ ᠲᠠᠯ᠎ᠠ ᠪᠠᠷ ᠲᠠᠨᠢᠯᠴᠠᠭᠤᠯᠤᠭᠰᠠᠨ ᠶᠤᠮ᠃ ᠬᠡᠪᠯᠡᠯ ᠦᠨ ᠬᠤᠷᠠᠯ ᠳᠤ ᠬᠤᠯᠪᠤᠭᠠᠨ ᠤ ᠶᠡᠷᠦᠩᠬᠡᠶᠢᠯᠡᠭᠴᠢ ᠵᠠᠮᠪᠠ ᠶᠢᠨ ᠭᠣᠮᠪᠣᠵᠠᠪ ᠪᠣᠯᠤᠨ ᠮ∙ᠠᠷᠢᠭᠤᠨᠪᠤᠯᠤᠳ ᠂ ᠼ∙ᠳᠤᠯᠮᠠᠰᠦ᠋ᠷᠦᠩ ᠨᠠᠷ ᠤᠨ ᠭᠡᠰᠢᠭᠦᠳ ᠣᠷᠣᠯᠴᠠᠯ᠎ᠠ᠃ ᠠᠩᠬᠠᠨ ᠤ ᠬᠤᠷᠠᠯ ᠨᠢ ᠥᠩᠭᠡᠷᠡᠭᠴᠢ ᠳᠥᠷᠪᠡᠳᠦᠭᠡᠷ ᠰᠠᠷ᠎ᠠ ᠶᠢᠨ 27 ᠤ ᠡᠳᠦᠷ ᠪᠣᠯᠵᠠᠢ᠃ ᠬᠣᠯᠪᠣᠭᠠᠨ ᠤ ᠠᠩᠬᠠᠨ ᠤ ᠶᠡᠷᠦᠩᠬᠡᠶᠢᠯᠡᠭᠴᠢ ᠪᠡᠷ ᠠᠷᠠᠳ ᠤᠨ ᠶᠡᠬᠡ ᠬᠤᠷᠠᠯ ᠤᠨ ᠳᠠᠷᠤᠭ᠎ᠠ ᠠᠰᠠᠨ᠂ ︽ᠮᠣᠩᠭᠣᠯ ᠠᠳᠤᠭᠤ︾ ᠨᠡᠶᠢᠭᠡᠮᠯᠢᠭ ᠢ ᠡᠭᠦᠰᠬᠡᠨ ᠪᠠᠶᠢᠭᠤᠯᠤᠭᠴᠢ ᠵ∙ᠭᠣᠮᠪᠣᠵᠠᠪ ᠢ ᠰᠣᠩᠭᠣᠭᠰᠠᠨ ᠪᠠᠶᠢᠨ᠎ᠠ᠃
ᠮᠣᠩᠭᠣᠯ ᠤᠨ ᠦᠨᠳᠦᠰᠦᠨ ᠦ ᠮᠣᠷᠢᠨ ᠤᠷᠤᠯᠳᠤᠭᠠᠨ᠂ ᠤᠶᠠᠭᠠᠴᠢᠳ ᠤᠨ ᠬᠣᠯᠪᠣᠭᠠᠨ ᠤ ᠭᠣᠣᠯ ᠵᠣᠷᠢᠯᠭ᠎ᠠ ᠨᠢ ᠮᠣᠩᠭᠣᠯ ᠠᠳᠤᠭᠤ ᠶᠢ ᠴᠡᠪᠡᠷ ᠦᠯᠡᠳᠡᠭᠡᠬᠦ ᠳᠦ ᠠᠩᠬᠠᠷᠬᠤ ᠶᠤᠮ᠃ ᠤᠯᠤᠰ ᠤᠨ ᠪᠠᠶᠠᠷ ᠨᠠᠭᠠᠳᠤᠮ᠂ ᠵᠠᠰᠠᠭ ᠤᠨ ᠭᠠᠵᠠᠷ ᠤᠨ ᠰᠢᠢᠳᠪᠦᠷᠢ ᠪᠡᠷ ᠵᠣᠬᠢᠶᠠᠨ ᠪᠠᠶᠢᠭᠤᠯᠤᠭᠳᠠᠵᠤ ᠪᠤᠢ ᠤᠯᠤᠰ᠂ ᠪᠥᠰᠡ ᠶᠢᠨ ᠨᠠᠭᠠᠳᠤᠮ ᠳᠤ ᠮᠣᠩᠭᠣᠯ᠂  ᠡᠷᠯᠢᠰᠡ ᠠᠳᠤᠭᠤ ᠶᠢ ᠢᠯᠭᠠᠯ ᠦᠭᠡᠢ ᠤᠷᠤᠯᠳᠤᠭᠤᠯᠵᠤ᠂ ᠮᠠᠷᠭᠤᠭᠠᠨ ᠶᠡᠬᠡ ᠭᠠᠷᠴᠤ ᠪᠤᠢ ᠪᠢᠯᠡ᠃ ᠬᠠᠷᠢᠨ ᠤᠯᠤᠰ ᠤᠨ ᠴᠢᠨᠠᠷᠲᠠᠢ ᠨᠠᠭᠠᠳᠤᠮ ᠳᠤ ᠵᠥᠪᠬᠡᠨ ᠮᠣᠩᠭᠣᠯ ᠠᠳᠤᠭᠤ ᠤᠷᠤᠯᠳᠤᠭᠤᠯᠤᠭᠰᠠᠨ ᠢᠶᠠᠷ ᠤᠶᠠᠭᠠᠴᠢᠳ ᠰᠢᠳᠤᠷᠭᠤ ᠨᠠᠭᠠᠳᠬᠤ ᠪᠣᠯᠤᠮᠵᠢ ᠪᠥᠷᠢᠳᠦᠨ᠎ᠡ᠃ ᠡᠭᠦᠨ ᠦ ᠲᠤᠯᠠᠳᠠ ᠤᠷᠤᠯᠳᠤᠬᠤ ᠮᠣᠷᠢᠳ ᠢ ᠢᠯᠭᠠᠬᠤ᠂ ᠡᠭᠦᠯᠳᠡᠷ ᠲᠣᠭᠲᠠᠭᠠᠬᠤ ᠺᠣᠮᠢᠰ ᠢ ᠪᠠᠶᠢᠩᠭᠤ ᠶᠢᠨ ᠠᠵᠢᠯᠯᠠᠭ᠎ᠠ ᠲᠠᠢ ᠪᠣᠯᠭᠠᠵᠤ᠂ ᠮᠣᠷᠢᠳ ᠢ ᠪᠠᠷᠢᠮᠲᠠᠵᠢᠭᠤᠯᠬᠤ ᠪᠦᠷᠢᠳᠬᠡᠯ ᠠᠵᠢᠯ ᠢ ᠢᠳᠡᠪᠬᠢᠲᠡᠢ ᠬᠢᠬᠦ ᠪᠡᠷ ᠲᠥᠯᠥᠪᠯᠡᠵᠡᠢ᠃ ᠮᠥᠨ ᠮᠣᠷᠢᠨ ᠲᠣᠭᠣᠷᠢᠭᠤᠯᠭ᠎ᠠ ᠲᠠᠢ ᠪᠣᠯᠬᠤ ᠠᠵᠢᠯ ᠢ ᠪᠤᠰᠤᠳ ᠬᠣᠯᠪᠣᠭ᠎ᠠ ᠲᠠᠢ ᠪᠠᠨ ᠬᠠᠮᠲᠤᠷᠠᠨ ᠬᠢᠬᠦ ᠪᠡᠷ ᠪᠣᠯᠤᠭᠰᠠᠨ ᠢᠶᠠᠨ ᠬᠡᠯᠡᠭᠰᠡᠨ ᠶᠤᠮ᠃ ᠤᠭ ᠬᠣᠯᠪᠣᠭ᠎ᠠ ᠤᠶᠠᠭᠠᠴᠢᠳ᠂ ᠮᠠᠯᠴᠢᠳ ᠠᠴᠠ ᠭᠠᠳᠠᠨ᠎ᠠ ᠠᠳᠤᠭᠤᠨ ᠤ ᠴᠢᠭᠯᠡᠯ ᠢᠶᠡᠷ ᠮᠡᠷᠭᠡᠰᠢᠭᠰᠡᠨ ᠡᠷᠳᠡᠮᠲᠡᠳ ᠢ ᠡᠩᠨᠡᠭᠡᠨ ᠳᠦ ᠪᠡᠨ ᠨᠢᠭᠡᠳᠬᠡᠵᠡᠢ᠃ ᠣᠳᠣ ᠶᠢᠨ ᠪᠠᠶᠢᠳᠠᠯ ᠢᠶᠠᠷ ᠲᠤᠰ ᠬᠣᠯᠪᠣᠭᠠᠨ ᠤ ᠲᠡᠷᠢᠭᠦᠯᠡᠭᠴᠢᠳ ᠦᠨ ᠲᠣᠭ᠎ᠠ ᠶᠢ 108 ᠪᠠᠶᠢᠬᠤ ᠪᠠᠷ ᠲᠣᠭᠲᠠᠭᠠᠭᠰᠠᠨ ᠪᠥᠭᠡᠳ 46 ᠨᠢ ᠰᠣᠩᠭᠣᠭᠳᠠᠭᠠᠳ ᠪᠠᠶᠢᠭ᠎ᠠ ᠶᠤᠮ ᠃

ᠰᠡᠳᠬᠢᠭᠳᠡᠯ ᠦᠯᠡᠳᠡᠭᠡᠬᠦ