23 ᠬᠦᠮᠦᠨ ᠭᠠᠯ ᠲᠦᠢᠮᠡᠷ ᠲᠦ ᠠᠮᠢ ᠦᠷᠡᠭᠳᠡᠵᠡᠢ | News.MN

23 ᠬᠦᠮᠦᠨ ᠭᠠᠯ ᠲᠦᠢᠮᠡᠷ ᠲᠦ ᠠᠮᠢ ᠦᠷᠡᠭᠳᠡᠵᠡᠢ

ᠣᠨ ᠭᠠᠷᠤᠭᠰᠠᠭᠠᠷ ᠤᠯᠤᠰ ᠤᠨ ᠬᠡᠮᠵᠢᠶᠡᠨ ᠳᠦ ᠨᠡᠶᠢᠲᠡ 2219 ᠤᠳᠠᠭ᠎ᠠ ᠶᠢᠨ ᠭᠠᠯ ᠲᠦᠢᠮᠡᠷ ᠭᠠᠷᠴᠤ᠂ 23 ᠬᠦᠮᠦᠨ ᠠᠮᠢ ᠨᠠᠰᠤ ᠪᠠᠨ ᠠᠯᠳᠠᠵᠠᠢ᠃ ᠡᠭᠦᠨ ᠦ 16 ᠨᠢ ᠲᠣᠮᠣ ᠬᠦᠮᠦᠨ᠂ ᠳᠣᠯᠣᠭ᠎ᠠ ᠨᠢ ᠬᠡᠦᠬᠡᠳ ᠪᠠᠶᠢᠭᠰᠠᠨ ᠠᠵᠠᠢ᠃  ᠬᠠᠷᠢᠨ ᠭᠠᠯ ᠤᠨ ᠠᠶᠤᠯ ᠠᠴᠠ ᠣᠨᠴᠠᠭᠠᠢ ᠪᠠᠶᠢᠳᠠᠯ ᠤᠨ ᠠᠯᠪᠠᠨ ᠤ ᠠᠯᠪᠠ  ᠬᠠᠭᠠᠭᠴᠢᠳ 18 ᠬᠦᠮᠦᠨ ᠦ ᠠᠮᠢ ᠨᠠᠰᠤ ᠶᠢ ᠠᠪᠤᠷᠠᠨ ᠬᠠᠮᠠᠭᠠᠯᠠᠭᠰᠠᠨ ᠶᠤᠮ᠃
ᠭᠠᠯ ᠲᠦᠢᠮᠡᠷ ᠦᠨ ᠰᠢᠯᠲᠠᠭᠠᠨ ᠨᠢ ᠠᠶᠢᠯ ᠡᠷᠦᠬᠡ ᠶᠢᠨ  ᠫᠢᠰᠢᠩ ᠵᠤᠤᠬᠠᠨ ᠤ ᠭᠡᠮᠲᠦᠯ ᠂ ᠢᠯᠡ ᠵᠠᠳᠠᠭᠠᠢ ᠠᠰᠬᠠᠭᠰᠠᠨ ᠴᠣᠭ ᠲᠠᠢ ᠦᠨᠡᠰᠦ ᠨᠤᠷᠮ᠎ᠠ ᠂ ᠬᠠᠷᠠᠭ᠎ᠠ ᠬᠢᠨᠠᠯᠲᠠ ᠦᠭᠡᠢ ᠣᠷᠬᠢᠭᠰᠠᠨ ᠪᠠᠭ᠎ᠠ ᠨᠠᠰᠤᠨ ᠤ ᠬᠡᠦᠬᠡᠳ᠂ ᠢᠷᠭᠡᠳ ᠦᠨ ᠪᠣᠯᠭᠣᠮᠵᠢ ᠦᠭᠡᠢ ᠪᠠᠶᠢᠳᠠᠯ ᠂ ᠵᠣᠷᠢᠭᠤᠯᠤᠯᠲᠠ ᠶᠢᠨ ᠪᠤᠰᠤ ᠤᠲᠠᠰᠤᠨ ᠤ ᠠᠰᠢᠭᠯᠠᠯᠲᠠ᠂ ᠴᠠᠬᠢᠯᠭᠠᠨ ᠬᠡᠷᠡᠭᠯᠡᠭᠡᠨ ᠦ ᠬᠡᠲᠦ ᠠᠴᠢᠶᠠᠯᠠᠯ ᠵᠡᠷᠭᠡ ᠬᠤᠪᠢ ᠬᠦᠮᠦᠨ ᠦ ᠰᠠᠨᠠᠮᠰᠠᠷ ᠪᠣᠯᠭᠣᠮᠵᠢ ᠦᠭᠡᠢ ᠪᠠᠶᠢᠳᠠᠯ ᠠᠴᠠ ᠡᠭᠦᠳᠴᠦ ᠪᠠᠶᠢᠭ᠎ᠠ ᠶᠢ ᠬᠣᠯᠪᠣᠭᠳᠠᠬᠤ ᠠᠯᠪᠠᠨ ᠤ ᠬᠦᠮᠦᠰ ᠠᠩᠬᠠᠷᠤᠭᠤᠯᠤᠭᠰᠠᠭᠠᠷ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ