ᠰᠤᠮᠤ ᠳᠡᠭᠦᠷᠭᠡ ᠶᠢᠨ ᠠᠯᠪᠠᠨ ᠲᠤᠰᠢᠶᠠᠯᠲᠠᠨ ᠤ ᠬᠦᠷᠦᠩᠭᠡ ᠤᠷᠤᠯᠭ᠎ᠠ ᠶᠢ ᠢᠯᠡ ᠪᠤᠯᠭᠠᠯ᠎ᠠ | News.MN

ᠰᠤᠮᠤ ᠳᠡᠭᠦᠷᠭᠡ ᠶᠢᠨ ᠠᠯᠪᠠᠨ ᠲᠤᠰᠢᠶᠠᠯᠲᠠᠨ ᠤ ᠬᠦᠷᠦᠩᠭᠡ ᠤᠷᠤᠯᠭ᠎ᠠ ᠶᠢ ᠢᠯᠡ ᠪᠤᠯᠭᠠᠯ᠎ᠠ

ᠠᠪᠯᠢᠭ᠎ᠠ ᠶᠢᠨ ᠡᠰᠡᠷᠭᠦ ᠬᠠᠤᠯᠢ ᠶᠢᠨ 14 ᠳ᠋ᠤᠭᠡᠷ ᠵᠦᠢᠯ ᠳᠦ ᠵᠢᠭᠠᠭᠰᠠᠨ ᠦᠨᠳᠦᠰᠦᠯᠡᠯ ᠦᠨ ᠳᠠᠭᠠᠤ ᠨᠤᠲᠤᠭ ᠤᠨ ᠥᠪᠡᠷ ᠢᠶᠡᠨ ᠤᠳᠤᠷᠢᠳᠬᠤ ᠪᠣᠯᠤᠨ ᠨᠤᠲᠤᠭ ᠤᠨ ᠵᠠᠬᠢᠷᠭᠠᠨ ᠤ ᠪᠠᠶᠢᠭᠤᠯᠤᠯᠭ᠎ᠠ ᠪᠣᠯᠬᠤ ᠠᠶᠢᠮᠠᠭ᠂ ᠰᠤᠮᠤ᠂ ᠨᠡᠶᠢᠰᠯᠡᠯ᠂ ᠳᠡᠭᠦᠷᠭᠡ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢ ᠪᠣᠯᠤᠨ ᠠᠶᠢᠮᠠᠭ᠂ ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠬᠠᠷᠢᠶ᠎ᠠ ᠠᠭᠧᠨᠲᠯᠢᠭ ᠤᠨ ᠨᠡᠶᠢᠲᠡ 15500 ᠣᠷᠴᠢᠮ ᠮᠡᠳᠡᠭᠦᠯᠭᠡ ᠭᠠᠷᠭᠠᠭᠴᠢ ᠶᠢᠨ ᠬᠥᠷᠥᠩᠭᠡ᠂ ᠣᠷᠣᠯᠭ᠎ᠠ ᠶᠢᠨ ᠮᠡᠳᠡᠭᠦᠯᠭᠡ ᠶᠢᠨ ᠬᠤᠷᠢᠶᠠᠩᠭᠤᠢ ᠶᠢ ᠠᠪᠯᠢᠭ᠎ᠠ ᠲᠠᠢ ᠲᠡᠮᠡᠴᠡᠬᠦ ᠭᠠᠵᠠᠷ ᠤᠨ http᠄//www.xacxom.iaac.mn ᠴᠠᠬᠢᠮ ᠮᠡᠳᠡᠭᠡᠯᠡᠯ ᠦᠨ ᠰᠦᠯᠵᠢᠶᠡᠨ ᠳᠦ ᠪᠠᠶᠢᠷᠢᠰᠢᠭᠤᠯᠤᠭᠠᠳ ᠪᠠᠶᠢᠨ᠎ᠠ᠃
ᠠᠯᠪᠠᠨ ᠲᠤᠰᠢᠶᠠᠯᠲᠠᠨ ᠨᠤᠭᠤᠳ ᠤᠨ ᠬᠥᠷᠥᠩᠭᠡ᠂ ᠣᠷᠣᠯᠭ᠎ᠠ ᠶᠢᠨ ᠮᠡᠳᠡᠭᠦᠯᠭᠡ ᠶᠢ ᠬᠤᠷᠢᠶᠠᠩᠭᠤᠢ ᠬᠡᠯᠪᠡᠷᠢ ᠪᠡᠷ ᠨᠡᠭᠡᠭᠡᠯᠲᠡ ᠲᠡᠢ᠂ ᠢᠯᠡ ᠲᠣᠳᠣ ᠪᠠᠶᠢᠷᠢᠰᠢᠭᠤᠯᠤᠭᠰᠠᠨ ᠢᠶᠠᠷ ᠢᠷᠭᠡᠳ ᠮᠡᠳᠡᠭᠡᠯᠡᠯ ᠲᠡᠢ ᠲᠠᠨᠢᠯᠴᠠᠬᠤ᠂ ᠬᠢᠨᠠᠯᠲᠠ ᠲᠠᠯᠪᠢᠬᠤ ᠨᠥᠬᠥᠴᠡᠯ ᠪᠠᠶᠢᠳᠠᠯ ᠰᠠᠶᠢᠵᠢᠷᠠᠵᠤ᠂ ᠲᠥᠷᠥ ᠶᠢᠨ ᠠᠯᠪᠠᠨ ᠬᠠᠭᠠᠭᠴᠢᠳ ᠤᠨ ᠰᠢᠳᠤᠷᠭᠤ ᠪᠠᠶᠢᠳᠠᠯ ᠤᠨ ᠲᠦᠪᠰᠢᠨ ᠳᠦ ᠡᠶᠡᠷᠭᠦ ᠬᠠᠨᠳᠤᠯᠭ᠎ᠠ ᠡᠭᠦᠰᠬᠦ᠂ ᠠᠪᠯᠢᠭ᠎ᠠ᠂ ᠠᠰᠢᠭ ᠰᠣᠨᠢᠷᠬᠠᠯ ᠤᠨ ᠵᠥᠷᠢᠴᠡᠯ ᠢ ᠠᠷᠢᠯᠭᠠᠬᠤ ᠳᠤ ᠴᠢᠭᠯᠡᠭᠰᠡᠨ ᠦᠢᠯᠡ ᠠᠵᠢᠯᠯᠠᠭᠠᠨ ᠤ ᠶᠠᠪᠤᠴᠠ ᠳ᠋ᠡᠬᠢ ᠢᠷᠭᠡᠳ᠂ ᠣᠯᠠᠨ ᠨᠡᠶᠢᠲᠡ ᠶᠢᠨ ᠣᠷᠣᠯᠴᠠᠭ᠎ᠠ ᠰᠠᠶᠢᠵᠢᠷᠠᠬᠤ ᠶᠤᠮ᠃

ᠰᠡᠳᠬᠢᠭᠳᠡᠯ ᠦᠯᠡᠳᠡᠭᠡᠬᠦ