48 ᠤᠳᠠᠭ᠎ᠠ ᠶᠢᠨ ᠣᠢ ᠬᠡᠭᠡᠷ᠎ᠡ ᠶᠢᠨ ᠲᠦᠢᠮᠡᠷ ᠭᠠᠷᠴᠠᠢ | News.MN

48 ᠤᠳᠠᠭ᠎ᠠ ᠶᠢᠨ ᠣᠢ ᠬᠡᠭᠡᠷ᠎ᠡ ᠶᠢᠨ ᠲᠦᠢᠮᠡᠷ ᠭᠠᠷᠴᠠᠢ

ᠤᠯᠤᠰ ᠤᠨ ᠬᠡᠮᠵᠢᠶᠡᠨ ᠳᠦ ᠡᠨᠡ ᠰᠠᠷ᠎ᠠ ᠶᠢᠨ ᠡᠬᠢᠨ ᠦ ᠪᠠᠶᠢᠳᠠᠯ ᠢᠶᠠᠷ ᠨᠡᠶᠢᠰᠯᠡᠯ ᠪᠣᠯᠤᠨ 33 ᠰᠤᠮᠤᠨ ᠳᠤ ᠨᠡᠶᠢᠲᠡ 48 ᠤᠳᠠᠭ᠎ᠠ ᠶᠢᠨ ᠣᠢ ᠬᠡᠭᠡᠷ᠎ᠡ ᠶᠢᠨ ᠭᠠᠯ ᠲᠦᠢᠮᠡᠷ ᠭᠠᠷᠴᠤ ᠤᠷᠢᠳᠴᠢᠯᠠᠭᠰᠠᠨ ᠪᠠᠶᠢᠳᠠᠯ ᠢᠶᠠᠷ 239.2 ᠮᠢᠩᠭᠠᠨ ᠭᠠ ᠲᠠᠯᠠᠪᠠᠢ ᠲᠦᠢᠮᠡᠷ ᠲᠦ ᠥᠷᠲᠥᠭᠡᠳ ᠪᠠᠶᠢᠨ᠎ᠠ᠃ ᠲᠣᠳᠣᠷᠠᠭᠤᠯᠪᠠᠯ᠂ ᠤᠯᠠᠭᠠᠨᠪᠠᠭᠠᠲᠤᠷ ᠬᠣᠲᠠ᠂ ᠪᠤᠯᠠᠭᠠᠨ᠂ ᠳᠣᠷᠣᠨᠠᠲᠤ᠂ ᠳᠣᠷᠣᠨᠠᠭᠣᠪᠢ᠂ ᠳᠠᠷᠬᠠᠨ-ᠠᠭᠤᠯᠠ᠂ ᠰᠡᠯᠡᠩᠭᠡ᠂ ᠰᠦᠬᠡᠪᠠᠭᠠᠲᠤᠷ᠂ ᠲᠥᠪ᠂ ᠤᠪᠰᠤ᠂ ᠬᠥᠪᠰᠥᠭᠥᠯ᠂ ᠬᠡᠨᠲᠡᠢ ᠠᠶᠢᠮᠠᠭ ᠤᠨ 33 ᠰᠤᠮᠤ ᠶᠢᠨ 21.9 ᠮᠢᠩᠭᠠᠨ ᠭᠠ ᠣᠢ᠂ 217.2 ᠮᠢᠩᠭᠠᠨ ᠭᠠ ᠬᠡᠭᠡᠷ᠎ᠡ ᠶᠢᠨ ᠲᠠᠯᠠᠪᠠᠢ ᠲᠦᠢᠮᠡᠷ ᠲᠦ ᠥᠷᠲᠦᠭᠰᠡᠨ ᠪᠠᠶᠢᠨ᠎ᠠ᠃
ᠤᠨᠲᠠᠷᠠᠭᠠᠭ᠎ᠠ ᠦᠭᠡᠢ ᠬᠠᠶᠠᠭᠰᠠᠨ ᠲᠠᠮᠠᠬᠢ᠂ ᠮᠠᠰᠢᠨ ᠲᠧᠭᠨᠢᠭ ᠦᠨ  ᠶᠠᠨᠳᠤᠩ  ᠠᠴᠠ ᠦᠰᠦᠷᠦᠭᠰᠡᠨ ᠣᠴᠢ᠂ ᠪᠦᠷᠢᠨ ᠤᠨᠲᠠᠷᠠᠭᠠᠯ ᠦᠭᠡᠢ ᠢᠯᠡ ᠵᠠᠳᠠᠭᠠᠢ ᠬᠠᠶᠠᠭᠰᠠᠨ ᠦᠨᠡᠰᠦ ᠨᠤᠷᠮ᠎ᠠ ᠵᠡᠷᠭᠡ ᠡᠴᠡ ᠰᠢᠯᠲᠠᠭᠠᠯᠠᠨ ᠣᠢ᠂ ᠲᠠᠯ᠎ᠠ ᠬᠡᠭᠡᠷ᠎ᠡ ᠶᠢᠨ ᠲᠦᠢᠮᠡᠷ ᠭᠠᠷᠴᠤ ᠪᠠᠶᠢᠭ᠎ᠠ ᠲᠤᠯᠠ᠂ ᠢᠷᠭᠡᠳ ᠦᠨ ᠠᠩᠬᠠᠷᠤᠯ ᠲᠠᠢ ᠪᠠᠶᠢᠬᠤ ᠶᠢ ᠠᠩᠬᠠᠷᠤᠭᠤᠯᠤᠯ᠎ᠠ᠃ ᠣᠢ ᠬᠡᠭᠡᠷ᠎ᠡ ᠶᠢᠨ ᠲᠦᠢᠮᠡᠷ ᠡᠴᠡ ᠤᠷᠢᠳᠴᠢᠯᠠᠨ ᠰᠡᠷᠭᠡᠶᠢᠯᠡᠬᠦ ᠠᠵᠢᠯ ᠢ ᠡᠷᠴᠢᠮᠵᠢᠭᠦᠯᠬᠦ ᠵᠣᠷᠢᠯᠭ᠎ᠠ ᠪᠠᠷ ᠴᠢᠨᠠᠭᠰᠢᠳᠠ ᠤᠯᠤᠰ ᠤᠨ ᠬᠢᠯᠢ ᠳᠠᠮᠨᠠᠨ ᠭᠠᠷᠴᠤ ᠪᠤᠢ ᠣᠢ ᠬᠡᠭᠡᠷ᠎ᠡ ᠶᠢᠨ ᠲᠦᠢᠮᠡᠷ᠂ ᠢᠯᠠᠩᠭᠤᠶ᠎ᠠ ᠬᠣᠶᠠᠷ ᠬᠥᠷᠰᠢ ᠡᠴᠡ ᠣᠷᠣᠵᠤ ᠢᠷᠡᠭᠰᠡᠨ ᠲᠦᠢᠮᠡᠷ ᠦᠨ ᠬᠤᠷᠳᠤ ᠶᠡᠬᠡ᠂ ᠡᠷᠴᠢᠮ ᠥᠨᠳᠥᠷ ᠲᠡᠢ᠂ ᠶᠡᠬᠡᠬᠡᠨ ᠲᠠᠯᠠᠪᠠᠢ ᠶᠢ ᠬᠠᠮᠤᠷᠤᠭᠰᠠᠨ ᠲᠦᠢᠮᠡᠷ ᠣᠯᠠᠨ ᠲᠣᠬᠢᠶᠠᠯᠳᠤᠵᠤ ᠪᠠᠶᠢᠭ᠎ᠠ ᠲᠤᠯᠠ ᠤᠷᠢᠳᠴᠢᠯᠠᠨ ᠰᠡᠷᠭᠡᠶᠢᠯᠡᠬᠦ᠂ ᠬᠠᠮᠠᠭᠠᠯᠠᠬᠤ᠂ ᠤᠨᠲᠠᠷᠠᠭᠠᠬᠤ ᠳᠤ ᠶᠡᠬᠡᠬᠡᠨ ᠬᠦᠮᠦᠨ ᠬᠦᠴᠦ᠂ ᠲᠧᠭᠨᠢᠭ ᠬᠡᠷᠡᠭᠰᠡᠯ ᠱᠠᠭᠠᠷᠳᠠᠭᠳᠠᠬᠤ ᠪᠣᠯᠤᠭᠰᠠᠨ ᠢ ᠬᠣᠯᠪᠣᠭᠳᠠᠬᠤ ᠠᠯᠪᠠᠨ ᠤ ᠬᠢᠨ ᠳᠤᠷᠠᠳᠤᠭᠠᠳ ᠴᠢᠨᠠᠭᠰᠢᠳᠠ ᠠᠪᠴᠤ ᠬᠡᠷᠡᠭᠵᠢᠭᠦᠯᠬᠦ ᠵᠠᠷᠢᠮ ᠠᠷᠭ᠎ᠠ ᠬᠡᠮᠵᠢᠶᠡᠨ ᠦ ᠲᠠᠯ᠎ᠠ ᠪᠠᠷ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ