ᠶᠡᠬᠡ ᠬᠡᠮᠵᠢᠶᠡᠨ ᠦ ᠰᠤᠮᠤ ᠠᠯᠳᠠᠭᠳᠠᠵᠠᠢ | News.MN

ᠶᠡᠬᠡ ᠬᠡᠮᠵᠢᠶᠡᠨ ᠦ ᠰᠤᠮᠤ ᠠᠯᠳᠠᠭᠳᠠᠵᠠᠢ

ᠵᠡᠪᠰᠡᠭᠲᠦ ᠬᠦᠴᠦᠨ ᠦ ᠳ᠋ᠤᠭᠠᠷ ᠠᠩᠭᠢ ᠠᠴᠠ ᠪᠠᠶᠢᠯᠳᠤᠭᠠᠨ ᠤ ᠵᠣᠷᠢᠭᠤᠯᠤᠯᠲᠠ ᠲᠠᠢ ᠶᠡᠬᠡ ᠬᠡᠮᠵᠢᠶᠡᠨ ᠦ ᠰᠤᠮᠤ ᠠᠯᠳᠠᠭᠳᠠᠭᠰᠠᠨ ᠬᠡᠷᠡᠭ 2019 ᠣᠨ ᠤ 5 ᠳ᠋ᠤᠭᠠᠷ ᠰᠠᠷ᠎ᠠ ᠳᠤ ᠭᠠᠷᠤᠭᠰᠠᠨ ᠢ ᠴᠠᠭᠳᠠᠭ᠎ᠠ ᠶᠢᠨ ᠪᠠᠶᠢᠭᠤᠯᠤᠯᠭ᠎ᠠ ᠰᠢᠯᠭᠠᠵᠤ ᠪᠠᠶᠢᠨ᠎ᠠ᠃
ᠴᠡᠷᠢᠭ ᠦᠨ ᠠᠩᠭᠢ ᠨᠤᠭᠤᠳ ᠠᠴᠠ ᠠᠯᠳᠠᠭᠳᠠᠭᠰᠠᠨ ᠪᠠᠶᠢᠯᠳᠤᠭᠠᠨ ᠤ ᠵᠣᠷᠢᠭᠤᠯᠤᠯᠲᠠ ᠲᠠᠢ ᠶᠡᠬᠡ ᠬᠡᠮᠵᠢᠶᠡᠨ ᠦ ᠰᠤᠮᠤ ᠨᠢ ᠬᠠᠤᠯᠢ ᠪᠤᠰᠤ ᠪᠠᠷ ᠰᠤᠮᠤ ᠵᠠᠷᠤᠳᠠᠭ ᠵᠣᠬᠢᠶᠠᠨ ᠪᠠᠶᠢᠭᠤᠯᠤᠯᠲᠠ ᠲᠠᠢ ᠡᠲᠡᠭᠡᠳ ᠦᠳ ᠦᠨ ᠭᠠᠷ ᠢᠶᠠᠷ ᠣᠷᠣᠵᠤ᠂ ᠨᠠᠷᠠᠨᠲᠤᠤᠯᠠ᠂ ᠬᠠᠷᠠᠬᠣᠷᠢᠨ ᠵᠠᠬ᠎ᠠ ᠪᠣᠯᠤᠨ ᠪᠤᠰᠤᠳ ᠭᠠᠵᠠᠷ ᠤᠳ ᠢᠶᠠᠷ ᠨᠢᠭᠤᠴᠠ ᠪᠠᠷ ᠪᠣᠷᠣᠯᠠᠭᠤᠯᠤᠭᠳᠠᠳᠠᠭ ᠲᠠᠯ᠎ᠠ ᠪᠠᠷ ᠢᠷᠭᠡᠳ ᠦᠨ ᠳᠤᠮᠳᠠ ᠶᠠᠷᠢᠭᠳᠠᠳᠠᠭ᠃ ᠡᠨᠡ ᠬᠡᠷᠡᠭ ᠲᠦ ᠡᠷᠡᠭᠦᠦ ᠶᠢᠨ ᠴᠠᠭᠳᠠᠭ᠎ᠠ ᠶᠢᠨ ᠠᠯᠪᠠᠨ ᠠᠴᠠ ᠰᠢᠯᠭᠠᠯᠲᠠ ᠶᠢᠨ ᠠᠵᠢᠯᠯᠠᠭ᠎ᠠ  ᠶᠠᠪᠤᠭᠤᠯᠵᠤ᠂ ᠬᠠᠤᠯᠢ ᠪᠤᠰᠤ ᠪᠠᠷ ᠪᠠᠶᠢᠯᠳᠤᠭᠠᠨ ᠤ ᠰᠤᠮᠤ᠂ ᠬᠡᠷᠡᠭᠰᠡᠯ ᠢ ᠵᠠᠷᠤᠵᠤ ᠪᠣᠷᠣᠯᠠᠭᠤᠯᠳᠠᠭ ᠪᠦᠯᠦᠭ ᠡᠲᠡᠭᠡᠳ ᠦᠳ ᠡᠴᠡ 50000 ᠣᠷᠴᠢᠮ ᠰᠤᠮᠤ ᠶᠢ ᠬᠤᠷᠢᠶᠠᠨ ᠠᠪᠴᠤ᠂ ᠬᠣᠯᠪᠣᠭᠳᠠᠬᠤ 10 ᠣᠷᠴᠢᠮ ᠡᠲᠡᠭᠡᠳ ᠢ ᠪᠠᠷᠢᠪᠴᠢᠯᠠᠵᠠᠢ᠃

ᠰᠡᠳᠬᠢᠭᠳᠡᠯ ᠦᠯᠡᠳᠡᠭᠡᠬᠦ