ᠰᠤᠪᠤᠳ᠂ ᠦᠨᠡᠲᠦ ᠴᠢᠯᠠᠭᠤ ᠪᠣᠯᠤᠨ ᠨᠡᠬᠡᠮᠡᠯ  ᠤᠨ ᠡᠺᠰᠫᠣᠷᠲ ᠥᠰᠴᠠᠢ | News.MN

ᠰᠤᠪᠤᠳ᠂ ᠦᠨᠡᠲᠦ ᠴᠢᠯᠠᠭᠤ ᠪᠣᠯᠤᠨ ᠨᠡᠬᠡᠮᠡᠯ  ᠤᠨ ᠡᠺᠰᠫᠣᠷᠲ ᠥᠰᠴᠠᠢ

ᠡᠨᠡ ᠣᠨ ᠤ ᠡᠬᠢᠨ ᠦ ᠳᠥᠷᠪᠡᠨ ᠰᠠᠷ᠎ᠠ ᠶᠢᠨ ᠪᠠᠶᠢᠳᠠᠯ ᠢᠶᠠᠷ ᠡᠺᠰᠫᠣᠷᠲ 2512.0 ᠰᠠᠶ᠎ᠠ ᠳ᠋ᠣᠯᠯᠠᠷ ᠲᠤ ᠬᠦᠷᠴᠦ᠂ ᠥᠩᠭᠡᠷᠡᠭᠰᠡᠨ ᠣᠨ ᠤ ᠮᠥᠨ ᠦᠶ᠎ᠡ ᠶᠢᠨ ᠭᠦᠢᠴᠡᠳᠬᠡᠯ ᠡᠴᠡ 386.6 ᠰᠠᠶ᠎ᠠ ᠳ᠋ᠣᠯᠯᠠᠷ ᠢᠶᠠᠷ ᠪᠤᠶᠤ 18.2  ᠬᠤᠪᠢ ᠪᠠᠷ ᠥᠰᠦᠭᠰᠡᠨ ᠪᠠᠶᠢᠨ᠎ᠠ᠃ ᠡᠷᠦᠳᠡᠰᠦ ᠪᠦᠲᠦᠭᠡᠭᠳᠡᠬᠦᠨ ᠦ ᠡᠺᠰᠫᠣᠷᠲ 316.6 ᠰᠠᠶ᠎ᠠ ᠳ᠋ᠣᠯᠯᠠᠷ ᠢᠶᠠᠷ᠂ ᠰᠤᠪᠤᠳ᠂ ᠦᠨᠡᠲᠦ ᠪᠠ ᠬᠠᠭᠠᠰ ᠦᠨᠡᠲᠦ ᠴᠢᠯᠠᠭᠤ᠂ ᠦᠨᠡᠲᠦ ᠮᠧᠲ᠋ᠠᠯ᠂  ᠭᠤᠶᠤᠯᠠᠯ ᠤᠨ ᠵᠦᠢᠯᠡᠰ ᠬᠡᠰᠡᠭ ᠲᠦ  ᠪᠠᠭᠲᠠᠬᠤ ᠪᠠᠷᠠᠭᠠᠨ ᠤ ᠡᠺᠰᠫᠣᠷᠲ 51.4 ᠰᠠᠶ᠎ᠠ ᠳ᠋ᠣᠯᠯᠠᠷ ᠢᠶᠠᠷ᠂ ᠨᠡᠬᠡᠮᠡᠯ ᠦᠨ ᠮᠠᠲ᠋ᠧᠷᠢᠶᠠᠯ ᠪᠣᠯᠤᠨ ᠨᠡᠬᠡᠮᠡᠯ ᠡᠳ᠋ᠯᠡᠯ ᠦᠨ ᠡᠺᠰᠫᠣᠷᠲ 29.7 ᠰᠠᠶ᠎ᠠ ᠳ᠋ᠣᠯᠯᠠᠷ ᠢᠶᠠᠷ ᠲᠤᠰ ᠲᠤᠰ ᠥᠰᠦᠭᠰᠡᠨ ᠪᠠᠶᠢᠨ᠎ᠠ ᠃
ᠨᠡᠶᠢᠲᠡ ᠡᠺᠰᠫᠣᠷᠲ ᠤᠨ 83.2% ᠍ ᠢ ᠡᠷᠦᠳᠡᠰᠦ ᠪᠦᠲᠦᠭᠡᠭᠳᠡᠬᠦᠨ ᠡᠵᠡᠯᠡᠵᠦ ᠪᠠᠶᠢᠨ᠎ᠠ ᠃ ᠲᠡᠮᠦᠷ ᠦᠨ ᠬᠥᠳᠡᠷ᠂ ᠴᠢᠯᠠᠭᠤᠨ ᠨᠡᠭᠦᠷᠡᠰᠦ᠂ ᠵᠡᠰ ᠦᠨ ᠪᠠᠶᠠᠵᠢᠮᠠᠯ᠂ ᠴᠠᠶᠢᠷ ᠤᠨ ᠪᠠᠶᠠᠵᠢᠮᠠᠯ᠂ ᠵᠣᠩᠰᠢ᠂ ᠮᠣᠯᠢᠪᠳᠧᠨ ᠦ ᠪᠠᠶᠠᠵᠢᠮᠠᠯ᠂ ᠪᠣᠯᠪᠠᠰᠤᠷᠠᠭᠤᠯᠤᠭ᠎ᠠ ᠦᠭᠡᠢ ᠨᠧᠹᠲ ᠵᠡᠷᠭᠡ ᠠᠭᠤᠯᠠ ᠠᠭᠤᠷᠬᠠᠢ ᠶᠢᠨ ᠪᠦᠲᠦᠭᠡᠭᠳᠡᠬᠦᠨ ᠨᠢ ᠡᠷᠦᠳᠡᠰᠦ ᠪᠦᠲᠦᠭᠡᠭᠳᠡᠬᠦᠨ ᠦ ᠡᠺᠰᠫᠣᠷᠲ ᠤᠨ 98.6 ᠬᠤᠪᠢ ᠪᠤᠶᠤ ᠨᠡᠶᠢᠲᠡ ᠡᠺᠰᠫᠣᠷᠲ ᠤᠨ 83.2 ᠬᠤᠪᠢ  ᠶᠢ ᠡᠵᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ