ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠍ ᠤᠨ ᠬᠠᠷᠢᠶ᠎ᠠ ︽ᠲᠩᠷᠢ︾ ᠬᠠᠮᠲᠤᠯᠢᠭ ᠣᠷᠣᠰ ᠤᠨ ᠡᠷᠬᠦᠦ ᠬᠣᠲᠠ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠶᠢᠨ ᠤᠷᠢᠯᠭ᠎ᠠ ᠪᠠᠷ ︽ᠢᠯᠠᠯᠲᠠ ᠶᠢᠨ ᠪᠠᠶᠠᠷ︾ ᠍ ᠤᠨ ᠬᠦᠨᠳᠦᠳᠬᠡᠯ ᠦᠨ ᠲᠣᠭᠯᠠᠯᠲᠠ ᠳᠦ ᠣᠷᠣᠯᠴᠠᠵᠤ᠂ ᠠᠶ᠎ᠠ ᠳᠠᠭᠤᠤ ᠪᠠᠨ ᠡᠷᠭᠦᠬᠦ ᠪᠡᠷ ᠮᠣᠷᠳᠠᠯ᠎ᠠ᠃
ᠲᠤᠰ ᠬᠠᠮᠲᠤᠯᠢᠭ ᠤᠨ ᠬᠢᠨ ᠣᠷᠣᠰ ᠤᠨ ᠠᠭᠠᠷ ᠤᠨ ᠳ᠋ᠧᠰᠠᠨ᠋ᠲ ᠤᠨ ᠴᠡᠷᠢᠭ ᠦᠨ 11 ᠳ᠋ᠤᠭᠡᠷ ᠲᠤᠰᠬᠠᠢ ᠪᠠᠷᠢᠭᠠᠳᠠ᠂ ᠡᠷᠬᠦᠦ ᠬᠣᠲᠠ ᠶᠢᠨ ᠰᠲᠷᠠᠲ᠋ᠧᠭᠢ ᠶᠢᠨ ᠵᠣᠷᠢᠭᠤᠯᠤᠯᠲᠠ ᠶᠢᠨ ᠫᠤᠤᠵᠢᠩ ᠤᠨ ᠴᠡᠷᠢᠭ ᠦᠨ ᠪᠠᠷᠢᠭᠠᠳᠠ ᠳᠤ ᠲᠤᠰ ᠲᠤᠰ ᠠᠶ᠎ᠠ ᠳᠠᠭᠤᠤ ᠪᠠᠨ ᠡᠷᠭᠦᠨ᠎ᠡ᠃ ︽ᠲᠩᠷᠢ︾ ᠬᠠᠮᠲᠤᠯᠢᠭ ᠤᠷᠢᠳ ᠨᠢ ᠮᠣᠩᠭᠣᠯ ᠣᠷᠣᠰ ᠤᠨ ᠨᠢᠰᠬᠦ ᠶᠢᠨ ᠡᠷᠢᠨ ᠬᠠᠶᠢᠬᠤ᠂ ᠠᠪᠤᠷᠠᠨ ᠲᠤᠰᠠᠯᠠᠬᠤ ᠠᠯᠪᠠᠳ ᠤᠨ ᠬᠠᠮᠲᠤᠷᠠᠭᠰᠠᠨ Sarex-2018 ᠰᠤᠷᠭᠠᠭᠤᠯᠢᠯᠲᠠ ᠪᠣᠯᠤᠨ 2017 ᠣᠨ ᠳᠤ ᠪᠠᠶᠢᠭᠠᠯ ᠨᠠᠭᠤᠷ ᠤᠨ ᠰᠤᠷᠭᠠᠯᠲᠠ ᠶᠢᠨ ᠲᠥᠪ ᠲᠦ ᠪᠣᠯᠤᠭᠰᠠᠨ ᠤᠰᠤᠨ ᠤ ᠳᠠᠳᠤᠯᠭ᠎ᠠ ᠰᠤᠷᠭᠠᠭᠤᠯᠢ ᠳᠤ ᠣᠷᠣᠯᠴᠠᠵᠤ᠂ ᠠᠶ᠎ᠠ ᠳᠠᠭᠤᠤ ᠪᠠᠨ ᠡᠷᠭᠦᠵᠦ ᠪᠠᠶᠢᠭᠰᠠᠨ ᠶᠤᠮ᠃