ᠬᠠᠤᠯᠢ ᠵᠦᠢ ᠶᠢᠨ ᠪᠠᠶᠢᠩᠭᠤ ᠶᠢᠨ ᠬᠣᠷᠢᠶ᠎ᠠ ᠰᠢᠬᠦᠬᠦ ᠪᠣᠯᠴᠢᠬᠠᠭᠠᠳ ᠪᠠᠶᠢᠨ᠎ᠠ | News.MN

ᠬᠠᠤᠯᠢ ᠵᠦᠢ ᠶᠢᠨ ᠪᠠᠶᠢᠩᠭᠤ ᠶᠢᠨ ᠬᠣᠷᠢᠶ᠎ᠠ ᠰᠢᠬᠦᠬᠦ ᠪᠣᠯᠴᠢᠬᠠᠭᠠᠳ ᠪᠠᠶᠢᠨ᠎ᠠ

ᠤᠯᠤᠰ ᠤᠨ ᠶᠡᠬᠡ ᠬᠤᠷᠠᠯ ᠤᠨ ᠬᠠᠤᠯᠢ ᠵᠦᠢ ᠶᠢᠨ ᠪᠠᠶᠢᠩᠭᠤ ᠶᠢᠨ ᠬᠣᠷᠢᠶᠠᠨ ᠤ ᠥᠨᠥᠳᠥᠷ ᠦᠨ ᠬᠤᠷᠠᠯᠳᠤᠭᠠᠨ ᠢᠶᠠᠷ ᠬᠦᠮᠦᠨ ᠦ ᠡᠷᠬᠡ ᠶᠢᠨ ᠦᠨᠳᠦᠰᠦᠨ ᠦ ᠺᠣᠮᠢᠰ ᠤᠨ  ︽ᠮᠣᠩᠭᠣᠯ ᠤᠯᠤᠰ ᠳᠠᠬᠢ ᠬᠦᠮᠦᠨ ᠦ ᠡᠷᠬᠡ᠂ ᠡᠷᠬᠡ ᠴᠢᠯᠦᠭᠡᠨ ᠦ ᠪᠠᠶᠢᠳᠠᠯ ᠤᠨ ᠲᠠᠯᠠᠭᠠᠷᠬᠢ 18 ᠳ᠋ᠡᠬᠢ ᠢᠯᠡᠳᠬᠡᠯ︾ ᠍ ᠢ ᠰᠣᠨᠣᠰᠤᠯ᠎ᠠ᠃ ᠡᠨᠡ ᠦᠶ᠎ᠡ ᠪᠡᠷ ᠯ∙ᠪᠣᠯᠣᠳ ᠭᠡᠰᠢᠭᠦᠨ ᠲᠥᠷᠥ ᠨᠡᠶᠢᠭᠡᠮ ᠤᠨ ᠨᠡᠷᠡᠲᠦ ᠵᠢᠳᠬᠦᠯᠲᠡᠨ ᠰ∙ᠵᠣᠷᠢᠭ ᠠᠭᠰᠠᠨ ᠤ ᠠᠮᠢ ᠨᠠᠰᠤ ᠶᠢ ᠬᠥᠨᠥᠭᠡᠭᠰᠡᠨ ᠬᠡᠷᠡᠭ ᠲᠦ ᠰᠢᠢᠳᠦᠭᠳᠡᠭᠰᠡᠨ ᠵᠠᠷᠢᠮ ᠡᠲᠡᠭᠡᠳ ᠢ ᠬᠠᠤᠯᠢ ᠲᠣᠭᠲᠠᠭᠠᠮᠵᠢ ᠶᠢᠨ ᠬᠦᠷᠢᠶᠡᠨ ᠳᠦ ᠨᠡᠩ ᠳᠠᠷᠤᠢ ᠰᠤᠯᠠᠯᠠᠬᠤ ᠠᠷᠭ᠎ᠠ ᠬᠡᠮᠵᠢᠶ᠎ᠡ ᠠᠪᠬᠤ ᠰᠠᠨᠠᠯ ᠳᠡᠪᠰᠢᠭᠦᠯᠦᠭᠰᠡᠨ ᠶᠤᠮ᠃
ᠡᠨᠡ ᠦᠶ᠎ᠡ ᠪᠡᠷ ᠰ∙ᠡᠷᠳᠡᠨᠢ ᠭᠡᠰᠢᠭᠦᠨ᠄ ᠬᠦᠮᠦᠨ ᠦ ᠡᠷᠬᠡ ᠶᠢᠨ ᠺᠣᠮᠢᠰ ᠲᠠᠢ ᠬᠣᠯᠪᠣᠭ᠎ᠠ ᠲᠠᠢ ᠬᠠᠤᠯᠢ ᠪᠣᠯᠪᠠᠰᠤᠷᠠᠭᠤᠯᠤᠭᠳᠠᠵᠤ ᠪᠠᠶᠢᠭ᠎ᠠ ᠪᠣᠯ ᠢᠯᠡ ᠪᠣᠯᠭ᠎ᠠ᠂ ᠣᠯᠠᠨ ᠨᠡᠶᠢᠲᠡ ᠪᠡᠷ ᠬᠡᠯᠡᠯᠴᠡᠭᠦᠯ ᠭᠡᠪᠡ᠃
ᠯ∙ᠪᠣᠯᠣᠳ  ᠭᠡᠰᠢᠭᠦᠨ ᠄ ᠬᠦᠮᠦᠨ ᠦ ᠡᠷᠬᠡ ᠶᠢᠨ ᠺᠣᠮᠢᠰ ᠤᠨ ᠡᠷᠬᠡ ᠡᠭᠦᠷᠭᠡ ᠶᠢ ᠨᠡᠮᠡᠬᠦ ᠱᠠᠭᠠᠷᠳᠠᠯᠭ᠎ᠠ ᠲᠠᠢ᠃ ᠬᠤᠷᠢᠬᠤ ᠠᠩᠬᠢ ᠶᠢᠨ ᠭᠠᠭᠴᠠ ᠵᠢᠭᠦᠷ ᠲᠦ ᠪ∙ᠪᠤᠯᠠᠭᠠᠨ ᠢ ᠬᠡᠳᠦᠨ ᠰᠠᠷ᠎ᠠ ᠬᠣᠷᠢᠭᠰᠠᠨ᠃ ᠪ∙ᠪᠤᠯᠠᠭᠠᠨ ᠶᠡᠬᠡ ᠪᠤᠬᠢᠨᠢᠳᠤᠯ ᠲᠠᠢ ᠪᠠᠶᠢᠭᠰᠠᠨ᠃ ᠲᠠ ᠨᠠᠷ ᠦᠨᠡᠬᠡᠷ ᠳᠡᠩᠳᠡᠵᠦ ᠪᠠᠶᠢᠭ᠎ᠠ ᠰᠢᠦ ᠭᠡᠳ ᠬᠠᠰᠭᠢᠷᠴᠦ ᠪᠠᠶᠢᠭᠰᠠᠨ᠃ ᠬᠠᠷᠢᠨ ᠶᠠᠭ  ᠳᠤᠤᠷᠠᠳᠤ ᠳᠠᠪᠬᠤᠷ ᠲᠤ ᠨᠢ ᠪ∙ᠰᠣᠳᠨᠠᠮᠳᠠᠷᠵᠢᠶ᠎ᠠ᠂ ᠲ∙ᠴᠢᠮᠡᠭ ᠨᠠᠷ ᠢ ᠬᠣᠷᠢᠵᠤ ᠪᠠᠶᠢᠭᠰᠠᠨ ᠶᠤᠮ ᠪᠢᠯᠡ᠃  ᠲᠡᠷᠡ ᠬᠤᠶᠠᠷ ᠢ ᠡᠷᠡᠭᠦᠳᠡᠨ ᠰᠢᠭᠦᠬᠦ ᠵᠠᠮ ᠢᠶᠠᠷ ᠶᠠᠯ᠎ᠠ ᠬᠦᠯᠢᠶᠡᠯᠭᠡᠭᠰᠡᠨ ᠭᠡᠪᠡ  ᠃

ᠼ∙ᠮᠥᠩᠬᠡ-ᠣᠷᠭᠢᠯ ᠭᠡᠰᠢᠭᠦᠨ᠄ ᠪᠠᠶᠢᠩᠭᠤ ᠶᠢᠨ ᠬᠣᠷᠢᠶᠠᠨ ᠠᠴᠠ ᠬᠡᠨ ᠨᠢᠭᠡᠨ ᠢ ᠰᠢᠭᠤᠳ ᠰᠤᠯᠠᠯᠠ ᠭᠡᠳᠡᠭ ᠴᠢᠭᠯᠡᠯ ᠥᠭᠴᠦ ᠪᠣᠯᠬᠤ ᠦᠭᠡᠢ ᠭᠡᠪᠡ᠃
ᠬᠠᠤᠯᠢ ᠵᠦᠢ  ᠳᠣᠲᠣᠭᠠᠳᠤ ᠬᠡᠷᠡᠭ ᠦᠨ ᠰᠠᠶᠢᠳ ᠼ∙ᠨᠢᠮᠠᠳᠣᠷᠵᠢ᠄ ᠲᠠ ᠨᠠᠷ ᠰᠢᠭᠦᠬᠦ ᠶᠢ ᠰᠢᠭᠦᠬᠦ ᠭᠡᠳ ᠪᠠᠶᠢᠭ᠎ᠠ ᠶᠤᠮ ᠤᠤ᠂ ᠬᠠᠮᠢᠭ᠎ᠠ ᠪᠠᠶᠢᠨ᠎ᠠ ᠂ ᠲᠡᠷᠡ ᠰᠢᠭᠦᠬᠦ ᠴᠢᠨᠢ᠃ ᠮᠣᠩᠭᠣᠯ ᠳᠤ ᠰᠢᠭᠦᠬᠦ ᠭᠡᠵᠦ ᠪᠠᠶᠢᠬᠤ ᠦᠭᠡᠢ ᠪᠣᠯᠤᠭᠰᠠᠨ᠃ ᠳᠠᠷᠤᠭ᠎ᠠ ᠶᠢᠨ ᠳᠠᠭᠠᠭᠠᠯᠭᠠᠪᠤᠷᠢ ᠪᠠᠷ ᠭᠡᠮᠲᠦ ᠬᠡᠷᠡᠭ ᠬᠦᠯᠢᠶᠡᠯᠭᠡᠵᠦ ᠱᠣᠷᠣᠩ ᠳᠤ ᠨᠠᠰᠤ ᠪᠠᠷ ᠨᠢ ᠬᠠᠲᠠᠭᠠᠳᠠᠭ ᠪᠦᠯᠦᠭ ᠳᠡᠭᠡᠷᠡᠮᠴᠢᠳ ᠲᠡᠢ ᠪᠣᠯᠤᠭᠰᠠᠨ ᠭᠡᠪᠡ᠃
ᠼ∙ᠮᠥᠩᠬᠡ-ᠣᠷᠭᠢᠯ ᠭᠡᠰᠢᠭᠦᠨ᠄ ᠬᠠᠤᠯᠢ ᠵᠦᠢ ᠶᠢᠨ ᠪᠠᠶᠢᠩᠭᠤ ᠶᠢᠨ ᠬᠣᠷᠢᠶ᠎ᠠ ᠰᠢᠭᠦᠬᠦ ᠪᠣᠯᠴᠢᠬᠠᠭᠠᠳ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ