ᠲᠠᠮᠠᠭ᠎ᠠ ᠶᠢᠨ ᠭᠠᠵᠠᠷ ᠤᠨ ᠳᠠᠷᠤᠭ᠎ᠠ  ᠪᠠᠷ ᠯ∙ᠥᠯᠵᠡᠶᠢᠰᠠᠶᠢᠬᠠᠨ ᠢ  ᠲᠤᠮᠢᠯᠠᠨ᠎ᠠ | News.MN

ᠲᠠᠮᠠᠭ᠎ᠠ ᠶᠢᠨ ᠭᠠᠵᠠᠷ ᠤᠨ ᠳᠠᠷᠤᠭ᠎ᠠ  ᠪᠠᠷ ᠯ∙ᠥᠯᠵᠡᠶᠢᠰᠠᠶᠢᠬᠠᠨ ᠢ  ᠲᠤᠮᠢᠯᠠᠨ᠎ᠠ

ᠤᠯᠤᠰ ᠤᠨ ᠶᠡᠬᠡ ᠬᠤᠷᠠᠯ ᠤᠨ ᠲᠥᠷᠥ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶ᠎ᠠ ᠥᠨᠥᠳᠥᠷ ᠬᠤᠷᠠᠯᠳᠤᠵᠤ᠂ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠤᠨ ᠳᠠᠷᠤᠭ᠎ᠠ ᠼ∙ᠴᠣᠯᠮᠣᠨ ᠢ ᠴᠢᠯᠦᠭᠡᠯᠡᠵᠦ ᠣᠷᠣᠨ ᠳᠤ ᠨᠢ ᠯ∙ᠥᠯᠵᠡᠶᠢᠰᠠᠶᠢᠬᠠᠨ ᠢ ᠲᠤᠮᠢᠯᠠᠬᠤ ᠠᠰᠠᠭᠤᠳᠠᠯ ᠢ ᠬᠡᠯᠡᠯᠴᠡᠯ᠎ᠡ᠃ ᠡᠭᠦᠨ ᠳᠦ ᠤᠯᠤᠰ ᠤᠨ ᠶᠡᠬᠡ ᠬᠤᠷᠠᠯ ᠤᠨ ᠭᠡᠰᠢᠭᠦᠨ ᠳ∙ᠬᠠᠶ᠋ᠢᠩᠬᠠᠶᠢᠷᠸ᠎ᠠ ᠄ ᠲᠠᠮᠠᠭ᠎ᠠ ᠶᠢᠨ ᠭᠠᠵᠠᠷ ᠤᠨ ᠳᠠᠷᠤᠭ᠎ᠠ ᠼ∙ᠴᠣᠯᠮᠣᠨ ᠶᠠᠮᠠᠷ ᠦᠨᠳᠦᠰᠦᠯᠡᠯ ᠢᠶᠡᠷ ᠡᠷᠭᠦᠳᠡᠯ ᠢᠶᠡᠨ ᠥᠭᠭᠦᠭᠰᠡᠨ ᠪᠤᠢ᠃ ᠰᠡᠭᠦᠯ ᠦᠨ ᠦᠶ᠎ᠡ ᠳᠦ ᠲᠥᠷᠥ ᠶᠢᠨ ᠵᠠᠬᠢᠷᠭᠠᠨ ᠤ ᠵᠢᠩᠬᠢᠨᠢ ᠠᠯᠪᠠᠨ ᠬᠠᠭᠠᠭᠴᠢ ᠶᠢ ᠬᠠᠤᠯᠢ ᠶᠢᠨ ᠳᠠᠭᠠᠤ ᠬᠠᠯᠠᠵᠤ ᠴᠢᠳᠠᠬᠤ ᠦᠭᠡᠢ ᠪᠣᠯᠬᠣᠷ ᠥᠪᠡᠷ ᠢᠶᠡᠷ ᠨᠢ ᠡᠷᠭᠦᠳᠡᠯ ᠢ ᠦᠭᠦᠯᠡᠳᠡᠭ ᠨᠢᠭᠡ ᠵᠦᠢᠯ ᠲᠣᠭᠲᠠᠭᠰᠠᠨ ᠪᠠᠶᠢᠨ᠎ᠠ᠃ ᠶᠣᠰᠣ ᠵᠦᠢ ᠲᠡᠢ᠂ ᠬᠠᠷᠢᠭᠤᠴᠠᠯᠭ᠎ᠠ ᠲᠠᠢ᠂ ᠴᠢᠳᠠᠪᠤᠷᠢ ᠲᠠᠢ ᠬᠦᠮᠦᠨ ᠡᠷᠭᠦᠳᠡᠯ ᠢᠶᠡᠨ ᠥᠭᠳᠡᠭ ᠭᠡᠰᠡᠨ ᠳ᠋ᠥ ᠂ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ᠽᠠᠨᠳᠠᠨᠰᠢᠲᠠᠷ᠎ᠠ᠄ ᠼ∙ᠴᠣᠯᠮᠣᠨ ᠤᠯᠤᠰ ᠤᠨ ᠶᠡᠬᠡ ᠬᠤᠷᠠᠯ ᠤᠨ ᠳᠠᠷᠤᠭ᠎ᠠ ᠶᠢᠨ ᠲᠠᠯᠪᠢᠭᠰᠠᠨ ᠣᠯᠠᠨ ᠤᠳᠠᠭ᠎ᠠ ᠶᠢᠨ ᠰᠠᠨᠠᠯ ᠤᠨ ᠳᠠᠭᠠᠤ ᠴᠢᠯᠦᠭᠡᠯᠡᠭᠳᠡᠬᠦ ᠬᠦᠰᠡᠯᠲᠡ ᠭᠠᠷᠭᠠᠭᠰᠠᠨ᠃ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠤᠨ ᠲᠧᠭᠨᠢᠭ ᠦᠨ ᠰᠠᠭᠠᠲᠠᠯ ᠠᠴᠠ ᠪᠣᠯᠵᠤ ᠴᠢᠭᠤᠯᠭᠠᠨ ᠤ ᠦᠢᠯᠡ ᠠᠵᠢᠯᠯᠠᠭ᠎ᠠ ᠭᠠᠴᠢᠭᠰᠠᠨ ᠃ ᠨᠡᠶᠢᠭᠡᠮ ᠳᠦ  ᠪᠤᠷᠤᠭᠤ ᠮᠡᠳᠡᠭᠡᠯᠡᠯ  ᠲᠠᠷᠬᠠᠭᠠᠵᠤ᠂ ᠭᠡᠰᠢᠭᠦᠳ ᠦᠨ ᠨᠡᠷ᠎ᠡ ᠬᠦᠨᠳᠦ ᠳᠦ ᠬᠠᠨᠳᠤᠭᠰᠠᠨ ᠮᠡᠳᠡᠭᠡᠯᠡᠯ ᠬᠢᠭᠰᠡᠨ ᠤᠴᠢᠷ ᠠᠴᠠ ᠲᠡᠶᠢᠮᠤ ᠱᠠᠭᠠᠷᠳᠠᠯᠭ᠎ᠠ ᠲᠠᠯᠪᠢᠭᠰᠠᠨ ᠭᠡᠪᠡ᠃

ᠢᠩᠭᠢᠭᠡᠳ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠳᠤ ᠣᠷᠣᠯᠴᠠᠭᠰᠠᠨ ᠭᠡᠰᠢᠭᠦᠳ ᠦᠨ ᠣᠯᠠᠩᠬᠢ ᠼ∙ᠴᠣᠯᠮᠣᠨ ᠢ ᠴᠢᠯᠦᠭᠡᠯᠡᠬᠦ ᠶᠢ ᠳᠡᠮᠵᠢᠭᠰᠡᠨ ᠤᠴᠢᠷ ᠠᠴᠠ ᠲᠡᠭᠦᠨ ᠦ ᠣᠷᠣᠨ ᠳᠤ ᠯ∙ᠥᠯᠵᠡᠶᠢᠰᠠᠶᠢᠬᠠᠨ ᠢ ᠲᠣᠮᠢᠯᠠᠬᠤ ᠶᠢ ᠳᠡᠮᠵᠢᠵᠦ᠂ ᠴᠢᠭᠤᠯᠭᠠᠨ ᠤ ᠬᠤᠷᠠᠯᠳᠤᠭᠠᠨ ᠢᠶᠠᠷ ᠬᠡᠯᠡᠯᠴᠡᠬᠦ ᠪᠡᠷ ᠪᠣᠯᠤᠯ᠎ᠠ᠃

ᠰᠡᠳᠬᠢᠭᠳᠡᠯ ᠦᠯᠡᠳᠡᠭᠡᠬᠦ