ᠶᠠᠫᠣᠨ ᠤᠯᠤᠰ ᠤᠨ ᠢᠪᠠᠷᠠᠺᠢ ᠮᠤᠵᠢ ᠶᠢᠨ ᠰᠣᠷᠣᠪᠠᠩ ᠤᠨ ᠠᠪᠤᠷᠭᠤ ᠰᠢᠯᠭᠠᠷᠠᠭᠤᠯᠬᠤ 34 ᠳ᠋ᠤᠭᠡᠷ ᠲᠡᠮᠡᠴᠡᠭᠡᠨ ᠳᠦ ᠮᠣᠩᠭᠣᠯ ᠤᠨ ᠰᠣᠷᠣᠪᠠᠩ ᠤᠨ ᠬᠣᠯᠪᠣᠭᠠᠨ ᠤ ᠳᠡᠷᠭᠡᠳᠡᠬᠢ ︽ᠮᠣᠩᠭᠣᠯ ᠰᠣᠷᠣᠪᠠᠩ︾ ᠰᠤᠷᠭᠠᠯᠲᠠ ᠶᠢᠨ ᠲᠥᠪ ᠦᠨ 6-13 ᠨᠠᠰᠤᠨ ᠤ 22 ᠰᠤᠷᠤᠭᠴᠢ ᠠᠮᠵᠢᠯᠲᠠᠲᠠᠢ ᠣᠷᠣᠯᠴᠠᠭᠠᠳ ᠢᠷᠡᠵᠡᠢ᠃ ᠢᠪᠠᠷᠠᠺᠢ ᠮᠤᠵᠢ ᠨᠢ ᠭᠤᠷᠪᠠᠨ ᠰᠠᠶ᠎ᠠ ᠬᠦᠮᠦᠨ ᠠᠮᠠ ᠲᠠᠢ ᠪᠥᠭᠡᠳ ᠣᠶᠤᠨ ᠤᠬᠠᠭᠠᠨ ᠤ ᠰᠫᠣᠷᠲ ᠪᠣᠯᠬᠤ ᠰᠣᠷᠣᠪᠠᠩ ᠢᠶᠠᠷ ᠬᠢᠴᠢᠶᠡᠯᠯᠡᠭᠴᠢ ᠬᠡᠦᠬᠡᠳ ᠦᠳ ᠨᠢ ᠶᠠᠫᠣᠨ ᠳᠤ ᠪᠠᠨ ᠳᠡᠭᠡᠭᠦᠷ ᠲᠦ ᠣᠷᠣᠳᠠᠭ ᠶᠤᠮ ᠪᠠᠶᠢᠨ᠎ᠠ᠃
ᠡᠨᠡ ᠵᠢᠯ ᠦᠨ ᠲᠡᠮᠡᠴᠡᠭᠡᠨ ᠳᠦ ᠵᠢᠷᠭᠤᠭᠠᠨ ᠨᠠᠰᠤᠨ ᠤ ᠠᠩᠭᠢᠯᠠᠯ ᠳᠤ 22 ᠬᠡᠦᠬᠡᠳ ᠣᠷᠣᠯᠴᠠᠭᠰᠠᠨ ᠠᠴᠠ ᠬᠣᠶᠠᠳᠤᠭᠠᠷ ᠠᠩᠭᠢ ᠠᠴᠠ ᠳᠣᠭᠣᠭᠰᠢ ᠨᠠᠰᠤᠨ ᠤ ᠠᠩᠭᠢᠯᠠᠯ ᠳᠤ 6 ᠨᠠᠰᠤᠲᠠᠢ ᠳ∙ᠦᠢᠯᠡᠰᠲᠡᠭᠦᠯᠳᠡᠷ ᠲᠦᠷᠦᠭᠦᠯᠡᠵᠦ ᠠᠯᠲᠠᠨ ᠮᠧᠳᠠᠯ ᠬᠦᠷᠲᠡᠵᠡᠢ᠃ ᠮᠥᠨ ᠦᠭᠡᠷ᠎ᠡ ᠨᠠᠰᠤᠨ ᠤ ᠠᠩᠭᠢᠯᠠᠯ ᠳᠤ ᠡ᠊∙ᠡᠨᠡᠷᠢᠯᠡᠨ᠂ ᠲ ∙ ᠲᠤᠯᠭ᠎ᠠ᠂ ᠭ∙ᠴᠢᠩᠵᠣᠷᠢᠭ᠂ ᠠ᠊∙ᠠᠨᠤ᠂ ᠡ᠊∙ᠠᠨᠤ-ᠦᠵᠢᠨ ᠨᠠᠷ ᠬᠤᠶᠠᠳᠤᠭᠠᠷ ᠪᠠᠶᠢᠷᠢ ᠳᠤ᠂ ᠭ∙ᠨᠠᠨᠳᠢᠨ-ᠡᠷᠳᠡᠨᠢ᠂ ᠸ∙ᠠᠨᠤᠵᠢᠨ᠂ ᠪ∙ᠠᠨᠤᠵᠢᠨ᠂ ᠰ∙ᠰᠡᠶᠢᠯᠦᠭ᠂ ᠱ∙ᠤᠷᠠᠩᠭᠤᠸ᠎ᠠ ᠂ ᠪ∙ᠡᠩᠬᠡ-ᠦᠷᠵᠢᠨ ᠨᠠᠷ ᠭᠤᠷᠪᠠᠳᠤᠭᠠᠷ ᠪᠠᠶᠢᠷᠢ ᠳᠤ ᠲᠤᠰ ᠲᠤᠰ ᠰᠢᠯᠭᠠᠷᠠᠭᠰᠠᠨ ᠪᠠᠶᠢᠨ᠎ᠠ᠃ ᠲᠡᠳᠡ ᠳᠣᠯᠣᠳᠤᠭᠠᠷ ᠰᠠᠷ᠎ᠠ ᠶᠢᠨ 30 ᠍ ᠳᠦ ᠲᠤᠤᠺᠢᠤ᠋ ᠬᠤᠲᠠ ᠳᠤ ᠪᠣᠯᠬᠤ ᠪᠦᠬᠦ ᠶᠠᠫᠣᠨ ᠤ ᠰᠣᠷᠣᠪᠠᠩ ᠤᠨ ᠠᠪᠤᠷᠭᠤ ᠰᠢᠯᠭᠠᠷᠠᠭᠤᠯᠬᠤ 38 ᠳ᠋ᠤᠭᠠᠷ ᠲᠡᠮᠡᠴᠡᠭᠡᠨ ᠳᠦ ᠤᠷᠤᠯᠴᠠᠬᠤ ᠶᠤᠮ ᠃