ᠭᠠᠰᠢᠭᠤᠨᠰᠤᠬᠠᠶᠢᠲᠤ ᠶᠢᠨ 46.2 ᠺᠢᠯᠣᠮᠧᠲ᠋ᠷ ᠲᠡᠮᠦᠷ ᠵᠠᠮ ᠤᠨ ᠠᠰᠠᠭᠤᠳᠠᠯ ᠢ ᠬᠡᠯᠡᠯᠴᠡᠪᠡ | News.MN

ᠭᠠᠰᠢᠭᠤᠨᠰᠤᠬᠠᠶᠢᠲᠤ ᠶᠢᠨ 46.2 ᠺᠢᠯᠣᠮᠧᠲ᠋ᠷ ᠲᠡᠮᠦᠷ ᠵᠠᠮ ᠤᠨ ᠠᠰᠠᠭᠤᠳᠠᠯ ᠢ ᠬᠡᠯᠡᠯᠴᠡᠪᠡ

ᠤᠯᠤᠰ ᠤᠨ ᠶᠡᠬᠡ ᠬᠤᠷᠠᠯ ᠤᠨ ᠡᠳ᠋ ᠍ ᠦᠨ ᠵᠠᠰᠠᠭ ᠤᠨ ᠪᠠᠶᠢᠩᠭᠤ ᠶᠢᠨ ᠬᠣᠷᠢᠶᠠᠨ ᠤ ᠥᠨᠥᠳᠥᠷ ︵2019.05.07 ︶ ᠤᠨ  ᠬᠤᠷᠠᠯᠳᠤᠭᠠᠨ ᠢᠶᠠᠷ  ︽ᠲᠥᠷᠥ ᠡᠴᠡ ᠲᠡᠮᠦᠷ ᠵᠠᠮ ᠤᠨ ᠲᠡᠭᠡᠭᠡᠪᠦᠷᠢ ᠶᠢᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ᠶᠢᠨ ᠬᠡᠷᠡᠭᠵᠢᠯᠲᠡ ᠶᠢ ᠬᠠᠩᠭᠠᠬᠤ ᠵᠠᠷᠢᠮ ᠠᠷᠭ᠎ᠠ ᠬᠡᠮᠵᠢᠶᠡᠨ ᠦ ᠲᠤᠬᠠᠢ ︾ 2014 ᠣᠨ ᠤ 10 ᠳ᠋ᠤᠭᠠᠷ ᠰᠠᠷ᠎ᠠ ᠶᠢᠨ 24 ᠍ ᠦ ᠡᠳᠦᠷ ᠦᠨ 64 ᠳ᠋ᠤᠭᠡᠷ ᠲᠣᠭᠲᠠᠭᠠᠯ ᠳᠤ ᠨᠡᠮᠡᠯᠲᠡ ᠤᠷᠤᠭᠤᠯᠬᠤ ᠲᠤᠬᠠᠢ ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠦᠨ ᠠᠩᠬᠠᠨ ᠤ ᠬᠡᠯᠡᠯᠴᠡᠭᠦᠯᠭᠡ ᠶᠢ ᠬᠢᠯ᠎ᠡ᠃ ᠲᠣᠭᠲᠠᠭᠠᠯ ᠤᠨ ᠲᠥᠰᠥᠯ ᠳᠦ ᠨᠠᠷᠢᠨ ᠰᠤᠬᠠᠶᠢᠲᠤ ᠰᠢᠪᠡᠭᠡ ᠬᠦᠷᠡᠩ ᠴᠢᠭᠯᠡᠯ ᠦᠨ ᠲᠡᠮᠦᠷ ᠵᠠᠮ ᠤᠨ ᠰᠠᠭᠤᠷᠢ ᠪᠦᠲᠦᠴᠡ ᠶᠢ ᠪᠠᠷᠢᠵᠤ᠂ ᠨᠠᠷᠢᠨ ᠰᠤᠬᠠᠶᠢᠲᠤ ᠶᠢᠨ ᠣᠷᠳᠣ ᠭᠠᠵᠠᠷ ᠠᠴᠠ ᠠᠭᠤᠯᠠ ᠠᠭᠤᠷᠬᠠᠢ ᠶᠢᠨ ᠪᠦᠲᠦᠭᠡᠭᠳᠡᠬᠦᠨ ᠢ ᠲᠡᠮᠦᠷ ᠵᠠᠮ ᠢᠶᠠᠷ ᠲᠡᠭᠡᠭᠡᠪᠦᠷᠢᠯᠡᠵᠦ᠂  ᠡᠺᠰᠫᠤᠷᠲᠯᠤᠬᠤ ᠰᠢᠨ᠎ᠡ ᠭᠠᠷᠴᠠ ᠶᠢ ᠨᠡᠭᠡᠭᠡᠭᠰᠡᠨ ᠢᠶᠡᠷ ᠮᠠᠨ ᠤ ᠤᠯᠤᠰ ᠤᠨ ᠨᠡᠭᠦᠷᠡᠰᠦᠨ ᠦ ᠡᠺᠰᠫᠣᠷᠲ ᠤᠨ ᠵᠠᠬ᠎ᠠ ᠵᠡᠭᠡᠯᠢ ᠲᠡᠯᠡᠵᠦ ᠬᠢᠯᠢ ᠶᠢᠨ ᠪᠣᠭᠣᠮᠲᠠ ᠶᠢᠨ ᠨᠡᠪᠲᠡᠷᠡᠭᠦᠯᠬᠦ ᠬᠦᠴᠦᠨ ᠴᠢᠳᠠᠯ ᠭᠤᠷᠪᠠ ᠳᠠᠬᠢᠨ ᠨᠡᠮᠡᠭᠳᠡᠬᠦ ᠶᠤᠮ᠃ ᠲᠡᠭᠡᠭᠡᠪᠦᠷᠢ ᠶᠢᠨ ᠥᠷᠲᠡᠭ 2-4 ᠳᠠᠬᠢᠨ ᠪᠠᠭᠤᠷᠠᠬᠤ ᠶᠢᠨ ᠵᠡᠷᠭᠡᠴᠡᠭᠡ ᠬᠦᠷᠢᠶᠡᠯᠡᠩ ᠪᠤᠢ ᠣᠷᠴᠢᠨ᠂ ᠠᠶᠤᠯ ᠦᠭᠡᠢ ᠠᠵᠢᠯᠯᠠᠭᠠᠨ ᠤ ᠨᠥᠬᠥᠴᠡᠯ ᠰᠠᠶᠢᠵᠢᠷᠠᠬᠤ ᠵᠡᠷᠭᠡ ᠣᠯᠠᠨ ᠲᠠᠯ᠎ᠠ ᠶᠢᠨ ᠠᠴᠢ ᠬᠣᠯᠪᠣᠭᠳᠠᠯ ᠲᠠᠢ ᠶᠢ ᠲᠠᠨᠢᠯᠴᠠᠭᠤᠯᠭ᠎ᠠ ᠳᠤ ᠳᠤᠷᠠᠳᠪᠠ᠃
ᠲᠠᠪᠤᠨᠲᠣᠯᠣᠭᠠᠢ- ᠭᠠᠰᠢᠭᠤᠨᠰᠤᠬᠠᠶᠢᠲᠤ  ᠠᠴᠠ ᠪᠠᠷᠠᠭᠤᠨ ᠲᠡᠰᠢ 46.2 ᠺᠢᠯᠣᠮᠧᠲ᠋ᠷ ᠠᠭᠤᠷᠬᠠᠢ ᠶᠢᠨ ᠵᠣᠷᠢᠭᠤᠯᠤᠯᠲᠠ ᠲᠠᠢ ᠲᠡᠮᠦᠷ ᠵᠠᠮ ᠤᠨ ᠴᠠᠷᠢᠭ ᠤᠨ ᠠᠰᠠᠭᠤᠳᠠᠯ ᠢ ᠰᠢᠢᠳᠪᠦᠷᠢᠯᠡᠬᠦ ᠪᠡᠷ ᠲᠥᠰᠥᠯ ᠳᠦ ᠲᠤᠰᠬᠠᠭᠰᠠᠨ ᠪᠥᠭᠡᠳ ᠲᠤᠰ  ᠤᠷᠳᠤ ᠳᠤ ᠣᠯᠪᠤᠷᠢᠯᠠᠯᠲᠠ ᠬᠢᠵᠦ ᠪᠤᠢ ᠵᠢᠷᠭᠤᠭᠠᠨ ᠺᠣᠮᠫᠠᠨᠢ ᠬᠠᠮᠲᠤᠷᠠᠨ ᠪᠦᠲᠦᠭᠡᠨ ᠪᠠᠶᠢᠭᠤᠯᠤᠯᠲᠠ ᠶᠢᠨ ᠬᠥᠷᠥᠩᠭᠡ ᠣᠷᠣᠭᠤᠯᠤᠯᠲᠠ ᠶᠢ ᠰᠢᠢᠳᠪᠦᠷᠢᠯᠡᠬᠦ ᠶᠤᠮ ᠪᠠᠶᠢᠨ᠎ᠠ᠃ ᠰᠢᠢᠳᠪᠦᠷᠢ ᠭᠠᠷᠤᠭᠰᠠᠨ ᠲᠣᠬᠢᠶᠠᠯᠳᠤᠯ ᠳᠤ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠵᠢᠷᠭᠤᠭᠠᠨ ᠰᠠᠷ᠎ᠠ ᠶᠢᠨ ᠬᠤᠭᠤᠴᠠᠭᠠᠨ ᠳᠤ ᠬᠢᠵᠦ ᠭᠦᠢᠴᠡᠳᠭᠡᠬᠦ ᠪᠣᠯᠤᠮᠵᠢ ᠲᠠᠢ ᠭᠡᠯ᠎ᠡ᠃ ᠤᠯᠤᠰ ᠤᠨ ᠶᠡᠬᠡ ᠬᠤᠷᠠᠯ  ᠤᠨ ᠭᠡᠰᠢᠭᠦᠨ ᠵ ∙ ᠪᠠᠲᠤ-ᠡᠷᠳᠡᠨᠢ ᠠᠭᠤᠯᠠ ᠠᠭᠤᠷᠬᠠᠢ ᠶᠢᠨ ᠡᠺᠰᠫᠣᠷᠲ ᠢ ᠨᠡᠮᠡᠭᠳᠡᠭᠦᠯᠬᠦ ᠠᠴᠢ ᠬᠣᠯᠪᠣᠭᠳᠠᠯ ᠪᠦᠬᠦᠢ ᠰᠢᠢᠳᠪᠦᠷᠢ ᠭᠠᠷᠭᠠᠬᠤ ᠲᠣᠭᠲᠠᠭᠠᠯ ᠤᠨ ᠲᠥᠰᠥᠯ ᠢ ᠠᠩᠬᠠᠨ ᠤ ᠬᠡᠯᠡᠯᠴᠡᠭᠦᠯᠭᠡ ᠪᠡᠷ ᠨᠢ ᠪᠠᠲᠤᠯᠠᠭᠤᠯᠬᠤ ᠭᠣᠷᠢᠮ ᠤᠨ ᠰᠠᠨᠠᠯ ᠭᠠᠷᠭᠠᠪᠠ᠃ ᠡᠨᠡ ᠳᠠᠭᠠᠤ ᠰᠠᠨᠠᠯ ᠬᠤᠷᠢᠶᠠᠯᠲᠠ ᠶᠠᠪᠤᠭᠤᠯᠬᠤ ᠳᠤ ᠬᠤᠷᠠᠯᠳᠤᠭᠠᠨ ᠳᠤ ᠣᠷᠣᠯᠴᠠᠭᠰᠠᠨ ᠭᠡᠰᠢᠭᠦᠳ 90 ᠬᠤᠪᠢ ᠨᠢ ᠳᠡᠮᠵᠢᠯ᠎ᠡ᠃ ᠡᠶᠢᠮᠦ ᠳᠦ ᠡᠨᠡ ᠲᠠᠯ᠎ᠠ ᠪᠠᠷ ᠪᠠᠶᠢᠩᠭᠤ ᠶᠢᠨ ᠬᠣᠷᠢᠶᠠᠨ ᠤ ᠰᠠᠨᠠᠯ ᠳ᠋ᠦᠩᠨᠡᠯᠲᠡ ᠶᠢ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠲᠠᠨᠢᠯᠴᠠᠭᠤᠯᠬᠤ ᠪᠠᠷ ᠪᠣᠯᠪᠠ᠃

ᠰᠡᠳᠬᠢᠭᠳᠡᠯ ᠦᠯᠡᠳᠡᠭᠡᠬᠦ