ᠠᠯᠠᠭᠠᠳᠠᠬᠤ ᠪᠦᠮᠪᠦᠭᠡᠴᠢᠨ ᠦᠬᠢᠨ ᠠᠯᠳᠠᠷ ᠮᠠᠨᠳᠤᠵᠤ ᠪᠠᠶᠢᠨ᠎ᠠ | News.MN

ᠠᠯᠠᠭᠠᠳᠠᠬᠤ ᠪᠦᠮᠪᠦᠭᠡᠴᠢᠨ ᠦᠬᠢᠨ ᠠᠯᠳᠠᠷ ᠮᠠᠨᠳᠤᠵᠤ ᠪᠠᠶᠢᠨ᠎ᠠ

ᠹᠢᠨᠯᠠᠨ᠋ᠳ᠋ ᠤᠨ ᠸᠣᠯᠧᠢᠪᠣᠯ ᠤᠨ 18 ᠬᠦᠷᠲᠡᠯᠡᠬᠢ ᠨᠠᠰᠤᠨ ᠤ ᠠᠩᠭᠢᠯᠠᠯ ᠤᠨ᠂ ᠵᠢᠯ ᠦᠨ ᠲᠤᠷᠰᠢ ᠪᠣᠯᠤᠭᠰᠠᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠪᠠᠲᠤᠵᠤᠷᠢᠭ ᠤᠨ ᠰᠡᠯᠡᠩᠭᠡ ᠥᠪᠡᠷ ᠦᠨ ᠪᠠᠭ ᠤᠨ ᠬᠠᠮᠲᠤ ᠪᠠᠷ ᠮᠥᠩᠭᠥᠨ ᠮᠧᠳᠠᠯ ᠬᠦᠷᠲᠡᠵᠡᠢ ᠃ ᠲᠡᠷᠡᠪᠡᠷ᠂ ᠮᠣᠩᠭᠣᠯ ᠤᠯᠤᠰ ᠤᠨ ᠢᠶᠠᠨ ᠨᠡᠷ᠎ᠡ ᠶᠢ ᠮᠠᠨᠳᠤᠭᠤᠯᠵᠤ᠂ ᠮᠣᠩᠭᠣᠯ ᠬᠦᠮᠦᠨ ᠶᠠᠮᠠᠷ ᠴᠤ ᠰᠫᠣᠷᠲ ᠢᠶᠠᠷ ᠠᠮᠵᠢᠯᠲᠠ ᠲᠠᠢ ᠬᠢᠴᠢᠶᠡᠯᠯᠡᠵᠦ ᠴᠢᠳᠠᠳᠠᠭ ᠢ ᠬᠠᠷᠠᠭᠤᠯᠵᠤ ᠶᠠᠪᠤᠭ᠎ᠠ ᠲᠠᠮᠢᠷᠴᠢᠳ ᠤᠨ ᠨᠢᠭᠡ ᠪᠣᠯᠪᠠ᠃

ᠪ∙ᠰᠡᠯᠡᠩᠭᠡ ᠸᠣᠯᠧᠢᠪᠣᠯ ᠤᠨ ᠰᠫᠣᠷᠲ ᠢᠶᠠᠷ ᠲᠠᠪᠤᠨ ᠵᠢᠯ ᠬᠢᠴᠢᠶᠡᠯᠯᠡᠵᠦ ᠪᠠᠶᠢᠭ᠎ᠠ ᠪᠥᠭᠡᠳ ᠹᠢᠨᠯᠠᠨ᠋ᠳ᠋ ᠍ ᠤᠨ Nale A ᠪᠠᠭ ᠲᠤ ᠲᠣᠭᠯᠠᠳᠠᠭ᠃ ᠲᠡᠭᠦᠨ ᠦ ᠪᠠᠭ ᠠᠪᠤᠷᠭᠤ ᠶᠢᠨ ᠲᠥᠯᠦᠭᠡᠬᠢ ᠲᠤᠭᠯᠠᠯᠲᠠ ᠳᠤ LP Viesti ᠍ ᠦᠨ ᠲᠠᠮᠢᠷᠴᠢᠳ ᠲᠤ ᠬᠣᠵᠢᠭᠳᠠᠭᠰᠠᠨ ᠪᠠᠶᠢᠨ᠎ᠠ᠃ ᠡᠮᠦᠨ᠎ᠡ ᠨᠢ Vanle᠂ Puma ᠪᠠᠭ ᠲᠤ ᠲᠣᠭᠯᠠᠵᠤ ᠪᠠᠶᠢᠭᠰᠠᠨ ᠪ∙ᠰᠡᠯᠡᠩᠭᠡ ᠶᠢᠰᠦᠳᠦᠭᠡᠷ ᠠᠩᠭᠢ ᠳᠤ ᠰᠤᠷᠳᠠᠭ ᠪᠥᠭᠡᠳ ᠹᠢᠨᠯᠠᠨ᠋ᠳ᠋ ᠍ ᠤᠨ ᠤᠯᠤᠰ ᠤᠨ  ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠢᠳᠡᠷᠴᠦᠳ ᠦᠨ ᠠᠩᠭᠢᠯᠠᠯ ᠳᠤ ᠮᠥᠩᠭᠥ᠂ ᠥᠰᠪᠦᠷᠢ ᠦᠶ᠎ᠡ᠂ 14 ᠬᠦᠷᠲᠡᠯᠡᠬᠢ ᠨᠠᠰᠤᠨ ᠤ ᠠᠩᠭᠢᠯᠠᠯ ᠳᠤ ᠬᠦᠷᠡᠯ ᠮᠧᠳᠠᠯ ᠬᠦᠷᠲᠡᠵᠦ ᠪᠠᠶᠢᠵᠠᠢ ᠃

ᠰᠡᠳᠬᠢᠭᠳᠡᠯ ᠦᠯᠡᠳᠡᠭᠡᠬᠦ