ᠮᠣᠩᠭᠣᠯ ᠤᠯᠤᠰ ᠤᠨ ᠳᠠᠷᠬᠠᠨ ᠠᠪᠤᠷᠭᠤ᠂ ᠭᠠᠪᠢᠶᠠᠲᠤ ᠲᠠᠮᠢᠷᠴᠢᠨ᠂ ᠤᠯᠤᠰ ᠤᠨ ᠶᠡᠬᠡ ᠬᠤᠷᠠᠯ ᠤᠨ ᠭᠡᠰᠢᠭᠦᠨ ᠠ᠊∙ᠰᠦᠬᠡᠪᠠᠲᠤ ᠶᠢᠨ ᠨᠡᠷᠡᠮᠵᠢᠲᠦ ᠥᠰᠪᠦᠷᠢ ᠶᠢᠨ ᠪᠥᠬᠡ ᠶᠢᠨ ᠪᠠᠷᠢᠯᠳᠤᠭᠠᠨ ᠪᠢᠮᠪᠠ ᠭᠠᠷᠠᠭ ︵2019.05.11 ︶ ᠲᠤ ᠲᠥᠪ ᠠᠶᠢᠮᠠᠭ ᠤᠨ ᠵᠠᠭᠤᠨᠮᠤᠳᠤ ᠬᠤᠲᠠ ᠳᠤ ᠪᠣᠯᠤᠨ᠎ᠠ᠃ ︽ᠮᠠᠨᠽᠤᠰᠢᠷᠢ ᠬᠦᠴᠦᠲᠡᠨ︾ ᠪᠥᠬᠡ ᠶᠢᠨ ᠳᠡᠪᠵᠢᠶᠡᠨ ᠡᠴᠡ ᠵᠣᠬᠢᠶᠠᠨ ᠪᠠᠶᠢᠭᠤᠯᠬᠤ 16 ᠬᠦᠷᠲᠡᠯᠡᠬᠢ ᠨᠠᠰᠤᠲᠠᠨ ᠨᠤᠭᠤᠳ ᠤᠨ ᠲᠤᠰ ᠨᠡᠭᠡᠭᠡᠯᠲᠡ ᠲᠡᠢ ᠪᠠᠷᠢᠯᠳᠤᠭᠠᠨ ᠶᠢᠰᠦᠳᠡᠬᠢ ᠵᠢᠯ ᠳᠦ ᠪᠡᠨ ᠪᠣᠯᠬᠤ ᠪᠥᠭᠡᠳ ᠡᠨᠡ ᠵᠢᠯ ᠠᠩᠬ᠎ᠠ ᠤᠳᠠᠭ᠎ᠠ ᠠ᠊∙ᠰᠦᠬᠡᠪᠠᠲᠤ ᠠᠪᠤᠷᠭᠤ ᠶᠢᠨ ᠨᠡᠷᠡᠮᠵᠢᠲᠦ ᠪᠣᠯᠭᠠᠵᠤ ᠪᠠᠶᠢᠭ᠎ᠠ ᠶᠤᠮ ᠃ ᠪᠠᠷᠢᠯᠳᠤᠭᠠᠨ ᠠᠶᠢᠮᠠᠭ ᠤᠨ ᠲᠥᠪ ᠦᠨ ︽ᠮᠣᠩᠭᠧᠨᠢ︾ ᠰᠤᠷᠭᠠᠭᠤᠯᠢ ᠶᠢᠨ ᠰᠫᠣᠷᠲ ᠤᠨ ᠲᠠᠩᠬᠢᠮ ᠳᠤ ᠪᠣᠯᠬᠤ ᠶᠤᠮ᠃
ᠥᠰᠪᠦᠷᠢ ᠶᠢᠨ ᠪᠥᠬᠡᠴᠦᠳ ᠡᠴᠡ ᠠᠶᠢᠮᠠᠭ ᠤᠨ ᠴᠣᠯᠠ ᠬᠦᠷᠲᠡᠭᠡᠳ ᠪᠠᠶᠢᠭ᠎ᠠ ᠪᠥᠬᠡᠴᠦᠳ ᠴᠥᠭᠡᠨ ᠦᠭᠡᠢ ᠪᠤᠢ᠃ ᠲᠣᠳᠣᠷᠠᠭᠤᠯᠪᠠᠯ᠂ ᠰᠦᠬᠡᠪᠠᠭᠠᠲᠤᠷ ᠠᠶᠢᠮᠠᠭ ᠤᠨ ᠣᠩᠭᠣᠨ ᠰᠤᠮᠤ ᠶᠢᠨ ᠬᠠᠷᠢᠶᠠᠲᠤ᠂ ᠠᠶᠢᠮᠠᠭ ᠤᠨ ᠠᠷᠰᠯᠠᠨ ᠨ∙ᠦᠰᠬᠦᠪᠠᠶᠠᠷ᠂ ᠬᠡᠨᠲᠡᠢ ᠠᠶᠢᠮᠠᠭ ᠤᠨ ᠡᠮᠦᠨᠡᠳᠡᠯᠭᠡᠷ ᠰᠤᠮᠤ ᠶᠢᠨ ᠠᠶᠢᠮᠠᠭ ᠤᠨ ᠬᠠᠷᠴᠠᠭᠠᠢ ᠳ∙ᠠᠷᠢᠭᠤᠨᠪᠠᠭᠠᠲᠤᠷ ᠨᠠᠷ ᠪᠠᠶᠢᠨ᠎ᠠ᠃