24 ᠣᠷᠣᠨ ᠤ ᠬᠡᠦᠬᠡᠳ ᠦᠨ ᠵᠢᠷᠤᠭ ᠤᠨ ᠦᠵᠡᠰᠬᠦᠯᠡᠩ ᠭᠠᠷᠴᠤ ᠪᠠᠶᠢᠨ᠎ᠠ | News.MN

24 ᠣᠷᠣᠨ ᠤ ᠬᠡᠦᠬᠡᠳ ᠦᠨ ᠵᠢᠷᠤᠭ ᠤᠨ ᠦᠵᠡᠰᠬᠦᠯᠡᠩ ᠭᠠᠷᠴᠤ ᠪᠠᠶᠢᠨ᠎ᠠ

ᠠᠽᠢᠶ᠎ᠠ ᠨᠣᠮᠣᠬᠠᠨ ᠳᠠᠯᠠᠢ ᠶᠢᠨ ᠪᠥᠰᠡ ᠶᠢᠨ ᠬᠡᠮᠵᠢᠶᠡᠨ ᠳᠦ ᠪᠣᠯᠳᠠᠭ ᠡᠸ᠋ᠨᠨᠢᠺᠺᠢ ᠹᠧᠰᠲ᠋ᠢᠸᠠᠯᠢ ᠵᠢᠷᠤᠭ ᠤᠨ ᠤᠷᠤᠯᠳᠤᠭᠠᠨ ᠳᠤ ᠰᠢᠯᠢᠳᠡᠭ ᠢᠶᠡᠷ ᠰᠢᠯᠭᠠᠷᠠᠭᠰᠠᠨ 24 ᠣᠷᠣᠨ ᠤ ᠬᠡᠦᠬᠡᠳ ᠦᠨ ᠵᠢᠷᠤᠭ ᠤᠨ ᠦᠵᠡᠰᠬᠦᠯᠡᠩ

ᠢ ᠮᠣᠩᠭᠣᠯ ᠳᠤ ᠠᠩᠬ᠎ᠠ ᠤᠳᠠᠭ᠎ᠠ ᠮᠣᠩᠭᠣᠯ ᠤᠨ ᠤᠷᠠᠯᠠᠨ ᠪᠦᠲᠦᠭᠡᠬᠦ ᠲᠥᠪ ᠲᠤ ᠨᠡᠭᠡᠭᠡᠯ᠎ᠡ᠃
ᠬᠣᠶᠠᠷ ᠵᠢᠯ ᠲᠤᠲᠤᠮ ᠳᠤ ᠵᠣᠬᠢᠶᠠᠨ ᠪᠠᠶᠢᠭᠤᠯᠳᠠᠭ ᠡᠨᠡᠬᠦ ᠤᠷᠤᠯᠳᠤᠭᠠᠨ ᠳᠤ ᠮᠣᠩᠭᠣᠯ ᠤᠨ ᠬᠡᠦᠬᠡᠳ ᠦᠳ 1993 ᠣᠨ ᠠᠴᠠ ᠬᠣᠶᠢᠰᠢ ᠢᠳᠡᠪᠬᠢᠲᠡᠢ ᠣᠷᠣᠯᠴᠠᠵᠤ ᠢᠷᠡᠭᠰᠡᠨ ᠶᠤᠮ᠃ ᠡᠨᠡᠬᠦ ᠵᠢᠷᠤᠭ ᠤᠨ ᠤᠷᠤᠯᠳᠤᠭᠠᠨ ᠬᠡᠯᠡ ᠰᠤᠶᠤᠯ᠂ ᠵᠠᠩ ᠵᠠᠩᠰᠢᠯ ᠤᠨ ᠥᠪᠡᠷᠮᠢᠴᠡ ᠣᠨᠴᠠᠯᠢᠭ ᠢᠯᠭᠠᠭ᠎ᠠ ᠲᠠᠢ ᠠᠽᠢᠶ᠎ᠠ ᠶᠢᠨ ᠬᠡᠦᠬᠡᠳ ᠦᠳ ᠥᠪᠡᠷᠰᠡᠳ ᠦᠨ ᠵᠢᠷᠤᠭᠰᠠᠨ ᠵᠢᠷᠤᠭ ᠢᠶᠠᠷ ᠳᠡᠯᠡᠬᠡᠢ ᠶᠢᠨ ᠬᠡᠦᠬᠡᠳ ᠦᠳ ᠲᠡᠢ ᠲᠠᠨᠢᠯᠴᠠᠬᠤ᠂ ᠠᠵᠠ ᠵᠢᠷᠭᠠᠯ ᠲᠠᠢ  ᠮᠦᠴᠡ ᠨᠤᠭᠦᠳ ᠢᠶᠠᠨ ᠬᠤᠪᠢᠶᠠᠯᠴᠠᠬᠤ ᠪᠣᠯᠤᠮᠵᠢ ᠶᠢ ᠣᠯᠭᠤᠳᠠᠭ ᠴᠢᠬᠤᠯᠠ ᠠᠴᠢ ᠬᠣᠯᠪᠣᠭᠳᠠᠯ ᠲᠠᠢ ᠭᠡᠳᠡᠭ ᠢ ᠵᠣᠬᠢᠶᠠᠨ ᠪᠠᠶᠢᠭᠤᠯᠤᠭᠴᠢᠳ ᠨᠢ ᠣᠨᠴᠠᠯᠠᠵᠤ ᠪᠠᠶᠢᠯ᠎ᠠ᠃ ᠦᠵᠡᠰᠬᠦᠯᠡᠩ ᠳᠦ 24 ᠣᠷᠣᠨ ᠤ 6-11 ᠨᠠᠰᠤᠨ ᠤ ᠬᠡᠦᠬᠡᠳ ᠦᠨ 120 ᠣᠷᠴᠢᠮ ᠪᠦᠲᠦᠭᠡᠯ ᠢ ᠳᠡᠯᠭᠡᠵᠡᠢ᠃ ᠮᠠᠨ ᠤ ᠤᠯᠤᠰ ᠠᠴᠠ ᠭᠤᠪᠢᠰᠦ᠋ᠮᠪᠦᠷ ᠠᠶᠢᠮᠠᠭ ᠤᠨ 2 ᠳ᠋ᠤᠭᠠᠷ ᠰᠤᠷᠭᠠᠭᠤᠯᠢ ᠶᠢᠨ ᠰᠤᠷᠤᠭᠴᠢ ᠡ᠊ ∙  ᠬᠤᠯᠠᠨ ᠤ ᠪᠦᠲᠦᠭᠡᠯ ᠲᠤᠰ ᠤᠷᠤᠯᠳᠤᠭᠠᠨ ᠤ ᠰᠢᠯᠢᠳᠡᠭ ᠢᠶᠡᠷ ᠰᠢᠯᠭᠠᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ