ᠳᠤᠨᠳᠤᠭᠳᠤᠯᠮ᠎ᠠ ᠬᠠᠲᠤᠨ ᠤ ᠳᠤᠷᠠᠰᠬᠠᠯᠲᠤ ᠭᠠᠵᠠᠷ ᠢ ᠰᠤᠳᠤᠯᠵᠤ ᠪᠠᠶᠢᠨ᠎ᠠ   | News.MN

ᠳᠤᠨᠳᠤᠭᠳᠤᠯᠮ᠎ᠠ ᠬᠠᠲᠤᠨ ᠤ ᠳᠤᠷᠠᠰᠬᠠᠯᠲᠤ ᠭᠠᠵᠠᠷ ᠢ ᠰᠤᠳᠤᠯᠵᠤ ᠪᠠᠶᠢᠨ᠎ᠠ  

ᠲᠡᠦᠬᠡ ᠠᠷᠬᠧᠣᠯᠣᠭᠢ ᠶᠢᠨ ᠬᠦᠷᠢᠶᠡᠯᠡᠩ ᠦᠨ ᠬᠢᠨ ᠳᠤᠨᠳᠤᠭᠳᠤᠯᠮ᠎ᠠ ᠬᠠᠲᠤᠨ ᠤ ᠳᠤᠷᠠᠰᠬᠠᠯᠲᠤ ᠭᠠᠵᠠᠷ ᠤᠨ ᠣᠷᠴᠢᠮ ᠳᠤ ᠬᠠᠶᠢᠭᠤᠯ᠂ ᠮᠠᠯᠲᠠᠯᠭ᠎ᠠ ᠬᠢᠵᠦ ᠡᠬᠢᠯᠡᠭᠰᠡᠨ ᠪᠠᠶᠢᠨ᠎ᠠ᠃ ᠣᠳᠣ ᠪᠠᠷ ᠲᠣᠭᠣᠰᠬ᠎ᠠ᠂ ᠴᠢᠳᠬᠤᠮᠠᠯ ᠰᠢᠪᠠᠷ ᠪᠤᠷᠬᠠᠨ᠂ ᠴᠠᠭᠠᠰᠤᠨ ᠤ ᠬᠡᠰᠡᠭ ᠦᠳ᠂ ᠰᠢᠪᠠᠷ ᠪᠤᠷᠬᠠᠨ ᠤ ᠬᠡᠯᠲᠡᠷᠬᠡᠢ ᠵᠡᠷᠭᠡ ᠡᠳ᠋ ᠥᠯᠥᠭ ᠦᠨ ᠵᠦᠢᠯ ᠣᠯᠵᠠᠢ᠃ ᠮᠠᠯᠲᠠᠯᠭ᠎ᠠ ᠳᠠᠭᠤᠰᠤᠭᠰᠠᠨ ᠤ ᠳᠠᠷᠠᠭ᠎ᠠ ᠰᠤᠳᠤᠯᠭᠠᠨ ᠤ ᠠᠵᠢᠯ ᠦᠷᠭᠦᠯᠵᠢᠯᠡᠬᠦ ᠶᠤᠮ ᠪᠠᠶᠢᠨ᠎ᠠ᠃
ᠰᠢᠷᠭ᠎ᠠ ᠮᠤᠷᠢᠲᠤ ᠵᠤᠰᠠᠯᠠᠩ ᠤᠨ ᠪᠠᠷᠠᠭᠤᠨ ᠬᠤᠶᠢᠳᠤ ᠬᠡᠰᠡᠭ ᠲᠦ ᠤᠷᠤᠰᠢᠬᠤ᠂ ᠳᠤᠨᠳᠤᠭᠳᠤᠯᠮ᠎ᠠ ᠬᠠᠲᠤᠨ ᠤ ᠳᠤᠷᠠᠰᠬᠠᠯᠲᠤ ᠭᠠᠵᠠᠷ ᠤᠨ ᠣᠷᠴᠢᠮ ᠳᠤ ᠢᠷᠭᠡᠳ ᠲᠦ ᠭᠠᠵᠠᠷ ᠡᠵᠡᠮᠰᠢᠭᠦᠯᠬᠦ ᠰᠢᠢᠳᠪᠦᠷᠢ 2015 ᠣᠨ ᠳᠤ ᠭᠠᠷᠭᠠᠭᠰᠠᠨ ᠢᠶᠠᠷ ᠢᠷᠭᠡᠳ ᠥᠩᠭᠡᠷᠡᠭᠰᠡᠨ ᠣᠨ ᠤ ᠲᠠᠪᠤᠳᠤᠭᠠᠷ ᠰᠠᠷ᠎ᠠ ᠳᠤ ᠬᠥᠷᠥᠰᠥ ᠬᠠᠭᠤᠯᠵᠤ᠂ ᠬᠠᠰᠢᠶ᠎ᠠ᠂ ᠪᠠᠶᠢᠰᠢᠩ ᠪᠠᠷᠢᠵᠤ ᠡᠬᠢᠯᠡᠭᠰᠡᠨ ᠲᠤᠯᠠ ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ ᠰᠤᠶᠤᠯ ᠤᠷᠠᠯᠢᠭ ᠤᠨ ᠭᠠᠵᠠᠷ ᠠᠴᠠ ᠤᠭ ᠳᠤᠷᠠᠰᠬᠠᠯ ᠤᠨ ᠦᠨ᠎ᠡ ᠴᠡᠨ᠎ᠡ ᠶᠢ ᠲᠣᠳᠣᠷᠬᠠᠶᠢᠯᠠᠵᠤ᠂ ᠭᠠᠵᠠᠷ ᠡᠵᠡᠮᠰᠢᠭᠦᠯᠦᠭᠰᠡᠨ ᠵᠠᠬᠢᠷᠤᠮᠵᠢ ᠶᠢ ᠴᠤᠴᠠᠯᠠᠭᠤᠯᠵᠠᠢ᠃ ᠮᠥᠨ ᠰᠢᠨᠵᠢᠯᠡᠬᠦ ᠤᠬᠠᠭᠠᠨ ᠤ ᠠᠺᠠᠳᠧᠮᠢ ᠶᠢᠨ ᠲᠡᠦᠬᠡ ᠠᠷᠬᠧᠣᠯᠣᠭᠢ ᠶᠢᠨ ᠬᠦᠷᠢᠶᠡᠯᠡᠩ ᠦᠨ ᠬᠢᠨ ᠲᠡᠢ ᠬᠠᠮᠲᠤᠷᠠᠨ ᠳᠤᠷᠠᠰᠬᠠᠯ ᠤᠨ ᠣᠶᠢᠷ᠎ᠠ ᠣᠷᠴᠢᠮ ᠳᠤ ᠢᠵᠢ ᠪᠦᠷᠢᠨ ᠮᠠᠯᠲᠠᠯᠭ᠎ᠠ᠂ ᠰᠤᠳᠤᠯᠭᠠᠨ ᠬᠢᠵᠦ᠂ ᠴᠡᠴᠡᠷᠯᠢᠭᠵᠢᠭᠦᠯᠦᠨ᠂ ᠲᠣᠬᠢᠵᠢᠭᠤᠯᠤᠭᠰᠠᠨ᠃
ᠳᠤᠨᠳᠤᠭᠳᠤᠯᠮ᠎ᠠ ᠬᠠᠲᠤᠨ ᠤ ᠴᠢᠨᠳᠠᠷ ᠢ ᠲᠡᠭᠡᠭᠡᠵᠦ ᠬᠦᠷᠭᠡᠭᠰᠡᠨ ᠶᠢᠰᠦᠨ ᠰᠢᠷᠭ᠎ᠠ ᠮᠣᠷᠢ ᠶᠢ ᠲᠤᠰ ᠭᠠᠵᠠᠷ ᠲᠤ ᠰᠡᠲᠡᠷᠯᠡᠨ ᠲᠠᠯᠪᠢᠭᠰᠠᠨ ᠢᠶᠠᠷ ᠰᠢᠷᠭ᠎ᠠ ᠮᠤᠷᠢᠲᠤ ᠬᠡᠮᠡᠬᠦ ᠨᠡᠷ᠎ᠡ ᠲᠡᠢ ᠪᠣᠯᠤᠭᠰᠠᠨ ᠳᠣᠮᠣᠭ ᠲᠠᠢ᠃

ᠰᠡᠳᠬᠢᠭᠳᠡᠯ ᠦᠯᠡᠳᠡᠭᠡᠬᠦ