1000 ᠭᠠᠷᠤᠢ ᠲᠡᠭᠦᠰᠦᠭᠴᠢ ᠶᠡᠬᠡ ᠰᠤᠷᠭᠠᠭᠤᠯᠢ ᠳᠤ ᠡᠯᠰᠡᠬᠦ ᠪᠣᠯᠤᠮᠵᠢ ᠦᠭᠡᠢ ᠪᠣᠯᠵᠠᠢ | News.MN

1000 ᠭᠠᠷᠤᠢ ᠲᠡᠭᠦᠰᠦᠭᠴᠢ ᠶᠡᠬᠡ ᠰᠤᠷᠭᠠᠭᠤᠯᠢ ᠳᠤ ᠡᠯᠰᠡᠬᠦ ᠪᠣᠯᠤᠮᠵᠢ ᠦᠭᠡᠢ ᠪᠣᠯᠵᠠᠢ

ᠶᠡᠬᠡ ᠳᠡᠭᠡᠳᠦ ᠰᠤᠷᠭᠠᠭᠤᠯᠢ ᠳᠤ ᠡᠯᠰᠡᠭᠴᠢᠳ ᠡᠴᠡ ᠵᠠᠪᠠᠯ ᠠᠪᠬᠤ ᠮᠣᠩᠭᠣᠯ ᠬᠡᠯᠡ ᠪᠢᠴᠢᠭ ᠦᠨ ᠰᠢᠯᠭᠠᠯᠲᠠ ᠶᠢᠨ ᠪᠤᠱᠤᠭ᠎ᠠ ᠣᠨᠣᠭ᠎ᠠ ᠶᠢ ᠰᠠᠯᠪᠤᠷᠢ ᠶᠢᠨ ᠶᠠᠮᠤᠨ ᠠᠴᠠ 400 ᠪᠠᠶᠢᠬᠤ ᠪᠠᠷ ᠲᠣᠭᠲᠠᠭᠠᠭᠰᠠᠨ᠃ ᠡᠨᠡ ᠵᠢᠯ 18130 ᠬᠡᠦᠬᠡᠳ ᠮᠣᠩᠭᠣᠯ ᠬᠡᠯᠡ ᠪᠢᠴᠢᠭ ᠦᠨ ᠰᠢᠯᠭᠠᠯᠲᠠ ᠥᠭᠭᠦᠭᠰᠡᠨ ᠪᠥᠭᠡᠳ ᠡᠭᠦᠨ ᠡᠴᠡ ᠪᠤᠱᠤᠭ᠎ᠠ ᠣᠨᠣᠭ᠎ᠠ ᠳᠦ ᠬᠦᠷᠦᠭᠡ ᠦᠭᠡᠢ 3500 ᠭᠠᠷᠤᠢ ᠰᠢᠯᠭᠠᠭᠤᠯᠤᠭᠴᠢ ᠥᠩᠭᠡᠷᠡᠭᠰᠡᠨ ᠰᠠᠷ᠎ᠠ ᠶᠢᠨ 20  ᠳᠦ ᠳᠠᠬᠢᠨ ᠰᠢᠯᠭᠠᠯᠲᠠ ᠥᠭᠭᠦᠭᠰᠡᠨ ᠶᠤᠮ᠃ ᠬᠠᠷᠢᠨ ᠡᠭᠦᠨ ᠡᠴᠡ 1000 ᠣᠷᠴᠢᠮ ᠬᠡᠦᠬᠡᠳ  ᠰᠢᠯᠭᠠᠯᠳᠠ ᠳᠤ ᠪᠠᠨ ᠲᠡᠩᠴᠡᠭᠡ ᠦᠭᠡᠢ ᠪᠠᠶᠢᠨ᠎ᠠ᠃ ᠲᠡᠳᠡ ᠡᠨᠡ ᠵᠢᠯ ᠳᠦ ᠪᠡᠨ ᠶᠡᠬᠡ ᠳᠡᠭᠡᠳᠦ ᠰᠤᠷᠭᠠᠭᠤᠯᠢ ᠳᠤ ᠡᠯᠰᠡᠨ ᠤᠷᠤᠬᠤ ᠪᠣᠯᠤᠮᠵᠢ ᠦᠭᠡᠢ ᠶᠤᠮ᠃ ᠡᠯᠰᠡᠭᠴᠢᠳ ᠦᠨ ᠬᠤᠪᠢ ᠳᠤ ᠡᠬᠡ ᠬᠡᠯᠡ ᠪᠡᠷ ᠢᠶᠡᠨ ᠨᠠᠶᠢᠷᠠᠭᠤᠯᠤᠨ ᠪᠢᠴᠢᠬᠦ ᠴᠢᠳᠠᠪᠤᠷᠢ ᠰᠠᠶᠢᠵᠢᠷᠠᠭᠰᠠᠨ ᠪᠣᠯᠪᠠᠴᠤ ᠮᠣᠩᠭᠣᠯ ᠪᠢᠴᠢᠭ ᠢᠶᠡᠷ ᠤᠩᠰᠢᠵᠤ᠂ ᠪᠢᠴᠢᠬᠦ ᠲᠦᠪᠰᠢᠨ  ᠬᠠᠩᠭᠠᠯᠲᠠ ᠦᠭᠡᠢ ᠪᠠᠶᠢᠵᠠᠢ ᠃

ᠰᠡᠳᠬᠢᠭᠳᠡᠯ ᠦᠯᠡᠳᠡᠭᠡᠬᠦ