ᠬ∙ᠪᠠᠲᠤᠲᠤᠯᠭ᠎ᠠ ᠾᠸᠫᠠᠲ᠋ᠢᠲ ᠤᠨ ᠸᠢᠷᠦ᠋ᠰ  ᠦᠨ ᠡᠷᠳᠡᠮᠲᠡᠳ ᠲᠡᠢ ᠠᠭᠤᠯᠵᠠᠪᠠ   | News.MN

ᠬ∙ᠪᠠᠲᠤᠲᠤᠯᠭ᠎ᠠ ᠾᠸᠫᠠᠲ᠋ᠢᠲ ᠤᠨ ᠸᠢᠷᠦ᠋ᠰ  ᠦᠨ ᠡᠷᠳᠡᠮᠲᠡᠳ ᠲᠡᠢ ᠠᠭᠤᠯᠵᠠᠪᠠ  

ᠾᠸᠫᠠᠲ᠋ᠢᠲ ᠤᠨ B/ᠳ ᠸᠢᠷᠦ᠋ᠰ ᠦᠨ ᠡᠰᠡᠷᠭᠦ ᠦᠢᠯᠡᠴᠢᠯᠡᠭᠡ ᠲᠡᠢ ᠡᠮ ᠦᠨ ᠡᠮᠨᠡᠯ ᠵᠦᠢ ᠶᠢᠨ ᠭᠤᠷᠪᠠᠳᠤᠭᠠᠷ ᠱᠠᠲᠤᠨ ᠤ ᠰᠤᠳᠤᠯᠭᠠᠨ ᠢ ᠣᠯᠠᠨ ᠤᠯᠤᠰ ᠳᠠᠶᠠᠭᠠᠷ ᠬᠢᠵᠦ ᠪᠠᠶᠢᠭ᠎ᠠ ︽ᠠᠶᠢᠭ᠍ᠸᠷ ᠪᠢᠤᠹᠠᠷᠮᠠᠰᠢᠦ᠋ᠲ᠋ᠢᠺᠠᠯᠰ︾ ᠺᠣᠮᠫᠠᠨᠢ ᠶᠢᠨ ᠲᠦᠯᠦᠭᠡᠯᠡᠭᠴᠢᠳ ᠪᠣᠯᠬᠤ ᠲᠤᠰ ᠺᠣᠮᠫᠠᠨᠢ ᠶᠢᠨ ᠶᠡᠷᠦᠩᠬᠡᠢ ᠵᠠᠬᠢᠷᠤᠯ ᠡᠮ ᠵᠦᠢᠴᠢ ᠳ᠋ᠠᠸᠢᠳ᠋ ᠠ᠊∙   ᠺᠤᠷᠢ᠂ ᠳᠡᠳ᠋ ᠶᠡᠷᠦᠩᠬᠡᠶᠢᠯᠡᠭᠴᠢ ᠬᠢᠮᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠬᠠᠲᠤᠭᠲᠠᠢ ᠢᠩᠷᠢᠳ᠋  ᠴᠤᠤᠩ ᠪᠣᠯᠤᠨ ᠺᠯᠢᠨᠢᠺ ᠤᠨ ᠦᠢᠯᠡ ᠠᠵᠢᠯᠯᠠᠭ᠎ᠠ ᠬᠠᠷᠢᠭᠤᠴᠠᠭᠰᠠᠨ ᠳᠡᠳ᠋ ᠶᠡᠷᠦᠩᠬᠡᠶᠢᠯᠡᠭᠴᠢ ᠨᠣᠶᠠᠨ ᠵᠤᠨ ᠹᠸᠷᠷᠠᠷᠤ᠋ ᠨᠠᠷ ᠢ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠨᠥᠳᠥᠷ ᠬᠦᠯᠢᠶᠡᠨ ᠠᠪᠴᠤ ᠠᠭᠤᠯᠵᠠᠯ᠎ᠠ᠃
ᠾᠸᠫᠠᠲ᠋ᠢᠲ ᠤᠨ B/ᠳ ᠸᠢᠷᠦ᠋ᠰ ᠦᠨ ᠡᠰᠡᠷᠭᠦ ᠦᠢᠯᠡᠴᠢᠯᠡᠭᠡ ᠲᠡᠢ ᠡᠮ ᠦᠨ ᠡᠮᠨᠡᠯ ᠵᠦᠢ ᠶᠢᠨ ᠭᠤᠷᠪᠠᠳᠤᠭᠠᠷ ᠱᠠᠲᠤᠨ ᠤ ᠰᠤᠳᠤᠯᠭᠠᠨ ᠭᠡᠳᠡᠭ ᠨᠢ ᠡᠮ ᠦᠨ ᠡᠮᠴᠢᠯᠡᠭᠡ ᠪᠠᠲᠤᠯᠠᠭᠳᠠᠬᠤ ᠲᠦᠪᠰᠢᠨ ᠦ ᠰᠤᠳᠤᠯᠭᠠᠨ ᠢ ᠬᠡᠯᠡᠬᠦ ᠪᠥᠭᠡᠳ ᠠᠮᠧᠷᠢᠺᠠ ᠶᠢᠨ ᠬᠦᠨᠡᠰᠦ᠂ ᠡᠮ ᠦᠨ ᠠᠭᠧᠨᠲᠯᠢᠭ ᠤᠨ ᠠᠯᠪᠠᠨ ᠶᠣᠰᠣᠨ ᠤ ᠵᠥᠪᠰᠢᠶᠡᠷᠡᠯ ᠲᠡᠢ ᠳᠡᠯᠡᠬᠡᠢ ᠶᠢᠨ 21 ᠤᠯᠤᠰ ᠲᠤ ᠳᠡᠭᠡᠷᠡᠬᠢ ᠰᠤᠳᠤᠯᠭᠠᠨ ᠢ ᠬᠢᠵᠦ ᠪᠠᠶᠢᠭ᠎ᠠ ᠶᠤᠮ ᠪᠠᠶᠢᠨ᠎ᠠ᠃ ᠲᠡᠳᠡ ᠮᠣᠩᠭᠣᠯ ᠤᠯᠤᠰ ᠤᠨ ᠠᠨᠠᠭᠠᠬᠤ ᠤᠬᠠᠭᠠᠨ ᠤ ᠰᠠᠯᠪᠤᠷᠢ ᠶᠢᠨ ᠡᠷᠳᠡᠮᠲᠡᠳ ᠲᠡᠢ᠂ ᠲᠡᠷᠡ ᠳᠤᠮᠳᠠ ᠪᠠᠨ ᠡᠯᠢᠭᠡᠨ ᠦ ᠡᠪᠡᠳᠴᠢᠯᠡᠯ ᠦᠨ ᠡᠰᠡᠷᠭᠦ ᠲᠤᠤᠱᠲᠠᠢ ᠠᠵᠢᠯᠯᠠᠳᠠᠭ ︽ᠣᠨᠣᠮ᠎ᠠ︾ ᠰᠠᠩ ᠤᠨ ᠬᠢᠨ ᠲᠠᠢ 11 ᠵᠢᠯ ᠦᠨ ᠲᠤᠷᠰᠢ ᠬᠠᠮᠲᠤᠷᠠᠨ ᠠᠵᠢᠯᠯᠠᠵᠤ ᠪᠠᠶᠢᠭ᠎ᠠ ᠶᠤᠮ᠃ ᠨᠣᠶᠠᠨ ᠳ᠋ᠠᠸᠢᠳ᠋ ᠠ᠊∙ᠺᠤᠷᠢ ᠾᠸᠫᠠᠲ᠋ᠢᠲ ᠤᠨ B/ᠳ ᠸᠢᠷᠦ᠋ᠰ ᠦᠨ ᠡᠰᠡᠷᠭᠦ ᠡᠮᠴᠢᠯᠡᠭᠡ ᠶᠢ ᠮᠣᠩᠭᠣᠯ ᠤᠯᠤᠰ ᠲᠤ ᠨᠡᠪᠲᠡᠷᠡᠭᠦᠯᠬᠦ᠂ ᠰᠤᠳᠤᠯᠭᠠᠨ ᠬᠢᠬᠦ ᠨᠥᠬᠥᠴᠡᠯ ᠪᠣᠯᠤᠮᠵᠢ ᠶᠢ ᠪᠦᠷᠢᠳᠦᠭᠦᠯᠬᠦ᠂ ᠾᠸᠫᠠᠲ᠋ᠢᠲ ᠤᠨ ᠸᠢᠷᠦ᠋ᠰ ᠦᠨ ᠬᠠᠯᠳᠠᠪᠤᠷᠢ ᠠᠴᠠ ᠰᠡᠷᠭᠡᠶᠢᠯᠡᠵᠦ ᠠᠵᠢᠯᠯᠠᠬᠤ ᠨᠢ ᠴᠢᠬᠤᠯᠠ ᠪᠣᠯᠬᠤ ᠶᠢ ᠬᠡᠯᠡᠭᠡᠳ ᠡᠨᠡ ᠴᠢᠭᠯᠡᠯ ᠳᠦ ᠪᠦᠬᠦᠢ ᠯᠠ ᠲᠦᠪᠰᠢᠨ ᠳᠦ ᠪᠡᠨ ᠠᠩᠬᠠᠷᠤᠯ ᠬᠠᠨᠳᠤᠭᠤᠯᠵᠤ ᠠᠵᠢᠯᠯᠠᠬᠤ ᠶᠢ ᠬᠦᠰᠡᠯ᠎ᠡ᠃
ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ B/ᠳ ᠸᠢᠷᠦ᠋ᠰ ᠦᠨ ᠡᠰᠡᠷᠭᠦ ᠡᠮ ᠦᠨ ᠥᠷᠲᠡᠭ ᠨᠢ  ᠠᠮᠢᠵᠢᠷᠠᠭᠠᠨ ᠤ ᠲᠦᠪᠰᠢᠨ ᠳᠤᠭᠤᠤᠷ ᠢᠷᠭᠡᠳ ᠦᠨ ᠬᠤᠳᠠᠯᠳᠤᠨ ᠠᠪᠬᠤ ᠴᠢᠳᠠᠪᠤᠷᠢ ᠳᠤ ᠨᠡᠶᠢᠴᠡᠭᠰᠡᠨ ᠪᠠᠶᠢᠬᠤ ᠵᠡᠷᠭᠡ ᠠᠰᠠᠭᠤᠳᠠᠯ ᠢ ᠬᠥᠨᠳᠡᠨ ᠶᠠᠷᠢᠭᠠᠳ᠂ ᠮᠣᠩᠭᠣᠯ ᠤᠯᠤᠰ ᠲᠤ ᠨᠡᠩ ᠥᠨᠳᠥᠷ ᠪᠠᠶᠢᠭ᠎ᠠ ᠡᠯᠢᠭᠡᠨ ᠦ ᠬᠠᠲᠠᠭᠤᠷᠠᠯ᠂ ᠬᠣᠣᠷᠲᠤ ᠬᠠᠪᠤᠳᠠᠷ ᠤᠨ ᠨᠠᠰᠤ ᠪᠠᠷᠠᠯᠲᠠ ᠶᠢ ᠪᠠᠭᠤᠷᠠᠭᠤᠯᠬᠤ ᠶᠢᠨ ᠲᠤᠯᠠᠳᠠ ᠪᠦᠬᠦᠢ ᠯᠠ ᠲᠠᠯ᠎ᠠ ᠪᠠᠷ ᠳᠡᠮᠵᠢᠨ ᠠᠵᠢᠯᠯᠠᠬᠤ ᠪᠠᠨ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ