ᠵᠤᠭᠤᠷᠢ ᠵᠢᠷᠭᠤᠳᠤᠭᠠᠷ ᠰᠠᠷ᠎ᠠ ᠳᠤ ᠠᠰᠢᠭᠯᠠᠯᠲᠠ ᠳᠤ ᠣᠷᠣᠨ᠎ᠠ | News.MN

 ᠵᠤᠭᠤᠷᠢ ᠵᠢᠷᠭᠤᠳᠤᠭᠠᠷ ᠰᠠᠷ᠎ᠠ ᠳᠤ ᠠᠰᠢᠭᠯᠠᠯᠲᠠ ᠳᠤ ᠣᠷᠣᠨ᠎ᠠ

ᠡᠮᠦᠨᠡᠭᠣᠪᠢ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠲᠣᠭᠲᠠᠭᠠᠯ ᠢᠶᠠᠷ 2019 ᠣᠨ ᠢ ︽ᠬᠥᠳᠡᠭᠡ ᠠᠵᠤ ᠠᠬᠤᠢ᠂ ᠦᠢᠯᠡᠳᠪᠦᠷᠢᠵᠢᠯᠲᠡ ᠶᠢᠨ ᠵᠢᠯ︾ ᠪᠣᠯᠭᠠᠨ ᠲᠣᠮᠣᠬᠠᠨ ᠠᠵᠢᠯ ᠤᠳ ᠢ ᠬᠢᠵᠦ ᠬᠡᠷᠡᠭᠵᠢᠭᠦᠯᠵᠦ ᠪᠠᠶᠢᠨ᠎ᠠ᠃ ᠲᠤᠬᠠᠶᠢᠯᠠᠪᠠᠯ ᠠᠶᠢᠮᠠᠭ ᠤᠨ ᠲᠥᠪ ᠳᠠᠯᠠᠨᠵᠠᠳᠠᠭᠠᠶᠢᠲᠤ ᠰᠤᠮᠤᠨ ᠳᠤ 200 ᠲᠣᠨ ‍ᠣ ᠪᠠᠭᠲᠠᠭᠠᠮᠵᠢ ᠪᠦᠬᠦᠢ ᠶᠢᠨ ᠲᠥᠮᠥᠰᠥ ᠬᠦᠨᠡᠰᠦᠨ ᠦ ᠨᠣᠭᠣᠭᠠᠨ ‍ᠣ ᠮᠧᠬᠠᠨᠢᠭᠵᠢᠭᠰᠠᠨ ᠵᠣᠭᠣᠷᠢ ᠶᠢ ᠪᠠᠷᠢᠵᠤ ᠪᠠᠶᠢᠭ᠎ᠠ ᠪᠥᠭᠡᠳ ᠵᠢᠷᠭᠤᠳᠤᠭᠠᠷ ᠰᠠᠷ᠎ᠠ ᠶᠢᠨ 1 ᠭᠡᠬᠦ ᠳᠦ ᠳᠠᠭᠤᠰᠬᠠᠵᠤ ᠠᠰᠢᠭᠯᠠᠯᠲᠠ ᠳᠤ ᠣᠷᠣᠭᠤᠯᠤᠨ᠎ᠠ᠃ ᠵᠣᠭᠣᠷᠢ ᠠᠰᠢᠭᠯᠠᠯᠲᠠ ᠳᠤ ᠣᠷᠣᠭᠰᠠᠨ ᠢᠶᠠᠷ ᠲᠠᠷᠢᠶᠠᠯᠠᠩᠴᠢᠳ ᠪᠣᠯᠤᠨ ᠢᠷᠭᠡᠳ ᠲᠥᠮᠥᠰᠥ ᠬᠦᠨᠡᠰᠦᠨ ᠦ ᠨᠣᠭᠣᠭ᠎ᠠ᠂ ᠵᠢᠮᠢᠰ ᠵᠢᠮᠢᠰᠬᠡᠨ᠎ᠡ ᠪᠡᠨ ᠵᠣᠷᠢᠭᠤᠯᠤᠯᠲᠠ ᠶᠢᠨ ᠭᠠᠵᠠᠷ ᠬᠠᠳᠠᠭᠠᠯᠠᠵᠤ ᠡᠷᠭᠢᠭᠡᠳ ᠬᠡᠷᠡᠭᠯᠡᠭᠴᠢᠳ ᠲᠦ ᠨᠤᠲᠤᠭ ᠤᠨ ᠬᠦᠷᠦᠰᠦᠨ ᠳᠦ ᠲᠠᠷᠢᠶᠠᠯᠠᠭᠰᠠᠨ ᠲᠥᠮᠥᠰᠥ ᠬᠦᠨᠡᠰᠦᠨ ᠦ ᠨᠣᠭᠣᠭ᠎ᠠ᠂ ᠵᠢᠮᠢᠰ ᠵᠢᠮᠢᠰᠬᠡᠨ᠎ᠡ ᠪᠡᠷ ᠦᠢᠯᠡᠴᠢᠯᠡᠬᠦ ᠪᠣᠯᠤᠮᠵᠢ ᠪᠤᠢ ᠪᠣᠯᠬᠤ ᠶᠤᠮ᠃

ᠰᠡᠳᠬᠢᠭᠳᠡᠯ ᠦᠯᠡᠳᠡᠭᠡᠬᠦ