ᠡ᠊᠂ ᠤᠶᠤᠨᠪᠤᠯᠤᠳ  ᠲᠡᠷᠢᠭᠦᠯᠡᠯ᠎ᠡ | News.MN

ᠡ᠊᠂ ᠤᠶᠤᠨᠪᠤᠯᠤᠳ  ᠲᠡᠷᠢᠭᠦᠯᠡᠯ᠎ᠡ

︽ᠠᠷᠪᠠᠢ ᠶᠢᠨ ᠦᠨᠳᠦᠰᠦ︾ ᠨᠡᠷᠡᠮᠵᠢᠲᠦ ᠮᠣᠩᠭᠣᠯ ᠤᠯᠤᠰ ᠤᠨ ᠠᠷᠰᠯᠠᠨ ᠴᠣᠯᠠᠨ ᠤ ᠬᠦᠨᠳᠦᠳᠬᠡᠯ ᠦᠨ ᠪᠠᠷᠢᠯᠳᠤᠭᠠᠨ ᠥᠴᠥᠭᠡᠳᠦᠷ ᠪᠥᠬᠡ ᠶᠢᠨ ᠥᠷᠭᠦᠭᠡᠨ ᠳᠦ ᠪᠣᠯᠵᠤ ᠤᠯᠤᠰ ᠤᠨ ᠠᠷᠰᠯᠠᠨ ᠡ᠊ ∙ᠤᠶᠤᠨᠪᠤᠯᠤᠳ  ᠨᠠᠢᠮᠠ ᠳᠠᠪᠠᠨ ᠲᠦᠷᠦᠭᠦᠯᠡᠵᠦ᠂ ᠤᠯᠤᠰ ᠤᠨ ᠠᠪᠤᠷᠭᠤ ᠨ∙ᠪᠠᠲᠤᠰᠠᠭᠤᠷᠢ ᠦᠵᠦᠭᠦᠷᠯᠡᠪᠡ᠃ ᠪᠠᠷᠢᠯᠳᠤᠭᠠᠨ ᠤ ᠶᠡᠬᠡ ᠰᠢᠪᠦᠭᠡ ᠳᠦ ᠤᠯᠤᠰ ᠤᠨ  ᠬᠠᠷᠴᠠᠭᠠᠢ ᠮ∙ ᠪᠠᠳᠠᠷᠴᠢ᠂ ᠤᠯᠤᠰ ᠤᠨ ᠨᠠᠴᠢᠨ ᠴ∙ᠬᠥᠬᠡᠴᠢᠷᠡᠩᠭᠡᠷ ᠨᠠᠷ ᠦᠯᠡᠳᠡᠵᠡᠢ᠃ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭ᠎ᠠ ᠠᠴᠠ ᠵᠣᠬᠢᠶᠠᠨ ᠪᠠᠶᠢᠭᠤᠯᠳᠠᠭ ᠤᠯᠠᠮᠵᠢᠯᠠᠯᠲᠤ ᠪᠠᠷᠢᠯᠳᠤᠭᠠᠨ ᠤ ᠨᠢᠭᠡ ᠪᠣᠯᠬᠤ  ᠡᠨᠡ ᠬᠦ ᠪᠠᠷᠢᠯᠳᠤᠭᠠᠨ ᠳᠤ ᠮᠦᠨ ᠷ∙ᠫᠦᠷᠪᠦᠳᠠᠭᠪᠠ᠂ ᠤᠯᠤᠰ ᠤᠨ ᠵᠠᠭᠠᠨ ᠨ∙ᠵᠢᠷᠭᠠᠯᠪᠠᠶᠠᠷ᠂ ᠪ∙ᠪᠠᠲᠤᠮᠦ᠋ᠩᠬᠡ᠂ ᠪ∙ᠰᠤᠷᠢᠨᠵᠢᠨᠪᠤᠯᠤᠳ ᠲᠡᠷᠢᠭᠦᠲᠡᠢ ᠤᠯᠤᠰ᠂ ᠠᠶᠢᠮᠠᠭ ᠤᠨ ᠠᠯᠳᠠᠷᠲᠤ ᠴᠣᠯᠠ ᠲᠠᠢ 256 ᠪᠥᠬᠡ ᠤᠷᠠᠨ ᠮᠡᠬᠡ ᠶᠢ ᠤᠷᠤᠯᠳᠤᠭᠤᠯᠤᠨ ᠪᠠᠷᠢᠯᠳᠤᠯ᠎ᠠ᠃

ᠰᠡᠳᠬᠢᠭᠳᠡᠯ ᠦᠯᠡᠳᠡᠭᠡᠬᠦ