ᠡᠬᠡ ᠬᠡᠯᠡᠨ ᠦ ᠪᠠᠶᠠᠷ ᠲᠢᠲᠢᠮ ᠰᠤᠷᠭᠠᠭᠤᠯᠢ ᠳᠡᠭᠡᠷ᠎ᠡ ᠪᠣᠯᠤᠯ᠎ᠠ | News.MN

ᠡᠬᠡ ᠬᠡᠯᠡᠨ ᠦ ᠪᠠᠶᠠᠷ ᠲᠢᠲᠢᠮ ᠰᠤᠷᠭᠠᠭᠤᠯᠢ ᠳᠡᠭᠡᠷ᠎ᠡ ᠪᠣᠯᠤᠯ᠎ᠠ

ᠬᠥᠪᠰᠥᠭᠥᠯ ᠠᠶᠢᠮᠠᠭ ᠲᠤ ᠮᠣᠩᠭᠣᠯ ᠦᠨᠳᠦᠰᠦᠲᠡᠨ ᠦ ᠲᠤᠰᠠᠭᠠᠷ ᠲᠣᠭᠲᠠᠨᠢᠯ ᠤᠨ ᠪᠠᠲᠤᠯᠠᠭ᠎ᠠ ᠪᠣᠯᠤᠭᠰᠠᠨ ᠡᠬᠡ ᠬᠡᠯᠡ᠂ ᠦᠨᠳᠦᠰᠦᠨ ᠦ ᠪᠢᠴᠢᠭ ᠦᠰᠦᠭ᠂ ᠥᠪ ᠰᠤᠶᠤᠯ ᠢᠶᠠᠨ ᠳᠡᠭᠡᠳᠦᠯᠡᠬᠦ᠂ ᠪᠠᠬᠠᠷᠬᠠᠬᠤ ᠦᠵᠡᠯ ᠬᠠᠨᠳᠤᠯᠭ᠎ᠠ ᠶᠢ ᠲᠥᠯᠦᠪᠰᠢᠭᠦᠯᠬᠦ᠂ ᠪᠦᠬᠦ ᠨᠡᠶᠢᠲᠡ ᠶᠢᠨ ᠮᠣᠩᠭᠣᠯ ᠬᠡᠯᠡ ᠪᠢᠴᠢᠭ ᠦᠨ ᠪᠣᠯᠪᠠᠰᠤᠷᠠᠯ᠂ ᠬᠡᠷᠡᠭᠯᠡᠭᠡᠨ ᠦ ᠴᠢᠳᠠᠪᠤᠷᠢ ᠶᠢ ᠳᠡᠭᠡᠭᠰᠢᠯᠡᠭᠦᠯᠬᠦ ᠵᠣᠷᠢᠯᠭ᠎ᠠ ᠲᠠᠢ ᠡᠬᠡ ᠬᠡᠯᠡᠨ ᠦ ᠪᠠᠶᠠᠷ ᠤᠨ ᠨᠡᠭᠡᠭᠡᠯᠲᠡ ᠮᠣᠩᠭᠣᠯ ᠤᠯᠤᠰ ᠤᠨ  ᠭᠠᠪᠢᠶᠠᠲᠤ ᠪᠠᠭᠰᠢ ᠳ∙ ᠪᠠᠲᠤᠰᠠᠭᠤᠷᠢ ᠶᠢᠨ ᠨᠡᠷᠡᠮᠵᠢᠲᠦ ᠲᠢᠲᠢᠮ ᠰᠤᠷᠭᠠᠭᠤᠯᠢ ᠳᠡᠭᠡᠷ᠎ᠡ ᠪᠣᠯᠤᠯ᠎ᠠ᠃ ᠨᠡᠭᠡᠭᠡᠯᠲᠡ ᠳᠦ ︽ᠬᠥᠮᠥᠨ ᠪᠢᠴᠢᠭ︾ ᠰᠣᠨᠢᠨ ᠤ ᠬᠠᠷᠢᠭᠤᠴᠠᠯᠭ᠎ᠠ ᠲᠠᠢ ᠨᠠᠷᠢᠨ ᠪᠢᠴᠢᠭ ᠦᠨ ᠳᠠᠷᠤᠭ᠎ᠠ ᠪ∙ᠡᠯᠪᠡᠭᠵᠠᠶᠠᠭ᠎ᠠ ᠣᠷᠣᠯᠴᠠᠵᠤ ᠄ ᠬᠥᠪᠰᠥᠭᠥᠯ ᠠᠶᠢᠮᠠᠭ ᠡᠬᠡ ᠬᠡᠯᠡ ᠪᠡᠨ ᠳᠡᠭᠡᠳᠦᠯᠡᠨ ᠡᠷᠬᠢᠮᠯᠡᠭᠴᠢ ᠠᠶᠢᠮᠠᠭ ᠶᠤᠮ᠃ ᠡᠬᠡ ᠬᠡᠯᠡᠨ ᠦ ᠣᠯᠠᠨ ᠡᠷᠳᠡᠮᠲᠡᠨ ᠮᠡᠷᠭᠡᠳ ᠲᠦᠷᠦᠭᠰᠡᠨ ᠨᠤᠲᠤᠭ᠃ ᠲ∙ᠳᠠᠰᠢᠼᠡᠳᠡᠨ ᠪᠠᠭᠰᠢ ︽ᠮᠣᠩᠭᠣᠯ ᠪᠢᠴᠢᠭ ᠮᠢᠨᠢ ᠭᠡᠵᠦ ᠪᠣᠳᠣᠬᠤ ᠪᠠᠷ ᠦᠬᠦᠮᠡᠷ ᠦᠭᠡᠢ ᠪᠠᠶᠢᠨ᠎ᠠ︾ ᠭᠡᠵᠦ ᠬᠡᠯᠡᠵᠦ ᠪᠠᠶᠢᠭᠰᠠᠨ ᠶᠤᠮ᠃ ᠬᠦᠪᠰᠦᠭᠦᠯᠴᠦᠳ ᠡᠬᠡ ᠬᠡᠯᠡᠨ ᠳᠦ ᠪᠡᠨ ᠡᠶᠢᠮᠦ ᠯᠠ ᠬᠠᠶᠢᠷᠠᠲᠠᠢ ᠬᠦᠮᠦᠰ᠃ ᠡᠶᠢᠮᠦ ᠡᠴᠡ ᠴᠢᠨᠠᠭᠰᠢᠳᠠ ᠡᠬᠡ ᠬᠡᠯᠡ ᠪᠡᠨ ᠳᠡᠭᠡᠳᠦᠯᠡᠨ ᠬᠠᠶᠢᠷᠠᠯᠠᠨ ᠬᠠᠮᠠᠭᠠᠯᠠᠵᠤ ᠪᠦᠬᠦ ᠨᠡᠶᠢᠲᠡ ᠪᠡᠷ ᠢᠶᠡᠨ ᠮᠣᠩᠭᠣᠯ ᠪᠢᠴᠢᠭ ᠢᠶᠡᠨ ᠰᠤᠷᠴᠠᠭᠠᠶ᠎ᠠ ᠭᠡᠳᠡᠭ ᠢ ᠤᠷᠢᠶᠠᠯᠠᠵᠤ ᠪᠠᠶᠢᠯ᠎ᠠ᠃
ᠮᠥᠨ ᠨᠡᠭᠡᠭᠡᠯᠲᠡ ᠳᠦ ᠲᠤᠰ ᠠᠶᠢᠮᠠᠭ ᠤᠨ ᠮᠣᠩᠭᠣᠯ ᠬᠡᠯᠡ ᠪᠢᠴᠢᠭ ᠦᠨ ᠪᠠᠭᠰᠢ ᠨᠠᠷ ᠂ ᠲᠢᠲᠢᠮ ᠰᠤᠷᠭᠠᠭᠤᠯᠢ ᠶᠢᠨ ᠰᠤᠷᠤᠭᠴᠢᠳ᠂ ᠠᠶᠢᠮᠠᠭ ᠣᠷᠣᠨ ᠨᠤᠲᠤᠭ ᠤᠨ ᠤᠳᠤᠷᠢᠳᠤᠯᠭ᠎ᠠ ᠨᠠᠷ ᠣᠷᠣᠯᠴᠠᠵᠤ ᠮᠣᠩᠭᠣᠯ ᠤᠯᠤᠰ ᠤᠨ ᠭᠠᠪᠢᠶᠠᠲᠤ ᠪᠠᠭᠰᠢ ᠳ∙ᠪᠠᠲᠤᠰᠠᠭᠤᠷᠢ ᠶᠢᠨ ᠬᠦᠰᠢᠶᠡᠨ ᠳᠦ ᠴᠡᠴᠡᠭ ᠡᠷᠭᠦᠨ ᠬᠦᠨᠳᠦᠳᠬᠡᠯ ᠦᠵᠡᠭᠦᠯᠵᠦ᠂ ᠡᠬᠡ ᠬᠡᠯᠡ ᠪᠢᠴᠢᠭ ᠢᠶᠡᠷ ᠢᠶᠡᠨ ᠪᠤᠰᠤᠳ ᠢ ᠪᠠᠨ ᠮᠠᠩᠯᠠᠶᠢᠯᠠᠵᠤ ᠪᠤᠢ ᠰᠢᠯᠢᠳᠡᠭ ᠪᠠᠭᠰᠢ ᠨᠠᠷ ᠢ ᠱᠠᠩᠨᠠᠵᠤ ᠤᠷᠮᠠᠰᠢᠭᠤᠯᠤᠨ᠂ ᠲᠢᠲᠢᠮ ᠰᠤᠷᠭᠠᠭᠤᠯᠢ ᠶᠢᠨ ᠠᠪᠢᠶᠠᠰᠯᠢᠭ ᠰᠤᠷᠤᠭᠴᠢᠳ ᠤᠷᠠᠯᠢᠭ ᠤᠨ ᠲᠣᠭᠯᠠᠯᠲᠠ ᠦᠵᠡᠭᠦᠯᠦᠯ᠎ᠡ᠃

ᠰᠡᠳᠬᠢᠭᠳᠡᠯ ᠦᠯᠡᠳᠡᠭᠡᠬᠦ