ᠭᠠᠳᠠᠭᠠᠳᠤ ᠶᠢᠨ  ᠵᠢᠭᠤᠯᠴᠢᠳ ᠪᠠᠶᠠᠨ-ᠥᠯᠥᠭᠡᠢ ᠳᠦ ᠬᠥᠯ ᠬᠣᠷᠢᠭᠠᠨ ᠳᠤ ᠪᠠᠶᠢᠨ᠎ᠠ | News.MN

ᠭᠠᠳᠠᠭᠠᠳᠤ ᠶᠢᠨ  ᠵᠢᠭᠤᠯᠴᠢᠳ ᠪᠠᠶᠠᠨ-ᠥᠯᠥᠭᠡᠢ ᠳᠦ ᠬᠥᠯ ᠬᠣᠷᠢᠭᠠᠨ ᠳᠤ ᠪᠠᠶᠢᠨ᠎ᠠ

ᠥᠩᠭᠡᠷᠡᠭᠰᠡᠨ ᠳᠣᠯᠣᠭ᠎ᠠ ᠬᠣᠨᠣᠭ ᠲᠤ ᠪᠠᠶᠠᠨ-ᠥᠯᠥᠭᠡᠢ ᠠᠶᠢᠮᠠᠭ ᠲᠤ ᠨᠢᠭᠡ ᠭᠡᠷ ᠪᠦᠯᠢ ᠶᠢᠨ ᠬᠣᠶᠠᠷ ᠢᠷᠭᠡᠨ ᠲᠠᠷᠪᠠᠭᠠᠨ ᠲᠠᠬᠤᠯ ᠢᠶᠠᠷ ᠨᠠᠰᠤ ᠪᠠᠷᠠᠭᠰᠠᠨ ᠤ ᠳᠠᠷᠠᠭ᠎ᠠ ᠬᠥᠯ ᠬᠣᠷᠢᠭ᠎ᠠ ᠲᠣᠭᠲᠠᠭᠠᠭᠠᠳ ᠪᠠᠶᠢᠭ᠎ᠠ ᠪᠢᠯᠡ᠃
ᠣᠳᠣ ᠥᠯᠥᠭᠡᠢ ᠬᠤᠲᠠ ᠳᠤ ᠣᠷᠣᠰ᠂ ᠠᠮᠧᠷᠢᠺᠠ ᠂ ᠨᠢᠳ᠋ᠸᠷᠯᠠᠨᠳ᠋ ᠂ ᠭᠧᠷᠮᠠᠨ᠂ ᠰᠸᠸᠳ᠋ᠸᠨ ᠂ ᠰᠸᠢᠰ᠂ ᠡᠮᠦᠨᠡᠲᠦ ᠰᠣᠯᠣᠩᠭᠣᠰ ᠤᠨ ᠵᠢᠭᠤᠯᠴᠢᠳ ᠬᠥᠯ ᠬᠣᠷᠢᠭᠠᠨ ᠳᠤ ᠣᠷᠣᠭᠠᠳ ᠪᠠᠶᠢᠭ᠎ᠠ ᠲᠤᠬᠠᠢ ᠪᠷᠢᠲ᠋ᠠᠨ ᠦ Mirror  ᠰᠠᠶᠢᠲ ᠮᠡᠳᠡᠭᠡᠯᠡᠵᠡᠢ᠃
ᠵᠣᠴᠢᠳ ᠪᠠᠭᠤᠳᠠᠯ ᠳᠤ ᠪᠠᠨ ᠬᠣᠷᠢᠭᠳᠠᠵᠤ ᠪᠠᠶᠢᠭ᠎ᠠ ᠥᠷᠥᠨᠡᠲᠦ ᠶᠢᠨ ᠵᠢᠭᠤᠯᠴᠢᠳ ᠴᠠᠭ ᠢ ᠬᠡᠷᠬᠢᠨ ᠥᠩᠭᠡᠷᠡᠭᠡᠵᠦ ᠪᠠᠶᠢᠭ᠎ᠠ ᠪᠠᠨ ᠬᠠᠷᠠᠭᠤᠯᠤᠭᠰᠠᠨ ᠵᠢᠷᠤᠭ᠂ ᠸᠢᠳᠢᠣ᠋ ᠍ ᠶᠢ ᠲᠤᠰ ᠰᠠᠶᠢᠲ ᠲᠤ ᠨᠡᠶᠢᠲᠡᠯᠡᠵᠡᠢ᠃ ᠰᠡᠳᠬᠢᠯ ᠰᠠᠨᠠᠭ᠎ᠠ ᠪᠠᠨ ᠥᠭᠡᠳᠡᠷᠡᠭ ᠪᠠᠶᠢᠯᠭᠠᠬᠤ ᠶᠢᠨ ᠲᠤᠯᠠᠳᠠ ᠲᠡᠳᠡ ᠬᠠᠮᠲᠤ ᠳᠤ ᠪᠠᠨ ᠨᠠᠷᠭᠢᠵᠤ᠂ ᠳᠠᠭᠤᠯᠠᠵᠤ ᠪᠠᠶᠢᠭ᠎ᠠ ᠭᠡᠨ᠎ᠡ᠃ ᠡᠷᠬᠡ ᠪᠠᠷᠢᠭᠴᠢᠳ ᠲᠠᠬᠤᠯ ᠤᠨ ᠨᠥᠬᠥᠴᠡᠯ ᠪᠠᠶᠢᠳᠠᠯ ᠤᠨ ᠲᠠᠯ᠎ᠠ ᠪᠠᠷ ᠲᠠᠪᠤᠳᠤᠭᠠᠷ ᠰᠠᠷ᠎ᠠ ᠶᠢᠨ 6 ᠍ ᠤ ᠳᠠᠸᠠ ᠭᠠᠷᠠᠭ ᠲᠤ ᠮᠡᠳᠡᠭᠡᠯᠡᠯ ᠥᠭᠭᠦᠨ᠎ᠡ ᠭᠡᠵᠦ ᠲᠡᠳᠡᠨ ᠳᠦ ᠮᠡᠳᠡᠭᠳᠡᠵᠡᠢ᠃ ᠲᠠᠷᠪᠠᠭᠠᠨ ᠲᠠᠬᠤᠯ ᠤᠨ ᠨᠢᠶᠠᠨ ᠶᠠᠮᠠᠷ ᠨᠢᠭᠡ ᠡᠮᠴᠢᠯᠡᠭᠡ ᠬᠢᠯᠭᠡᠭᠡ ᠦᠭᠡᠢ ᠪᠣᠯ 24 ᠴᠠᠭ ᠤᠨ ᠳᠣᠲᠣᠷ᠎ᠠ ᠨᠠᠰᠤᠨ ᠳᠤ ᠬᠦᠷᠦᠭᠰᠡᠨ ᠬᠦᠮᠦᠨ ᠢ ᠦᠬᠦᠭᠦᠯᠬᠦ ᠴᠢᠳᠠᠯ ᠲᠠᠢ ᠶᠢ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠮᠡᠳᠡᠭᠡᠯᠡᠭᠰᠡᠨ ᠪᠠᠶᠢᠳᠠᠭ᠃

ᠰᠡᠳᠬᠢᠭᠳᠡᠯ ᠦᠯᠡᠳᠡᠭᠡᠬᠦ