ᠰᠤᠮᠤᠳ ᠤᠨ ᠬᠤᠷᠳᠤᠨ ᠮᠣᠷᠢᠨ ᠤ ᠤᠷᠤᠯᠳᠤᠭᠠᠨ ᠪᠣᠯᠤᠯ᠎ᠠ | News.MN

ᠰᠤᠮᠤᠳ ᠤᠨ ᠬᠤᠷᠳᠤᠨ ᠮᠣᠷᠢᠨ ᠤ ᠤᠷᠤᠯᠳᠤᠭᠠᠨ ᠪᠣᠯᠤᠯ᠎ᠠ

ᠤᠪᠰᠤ ᠠᠶᠢᠮᠠᠭ ᠤᠨ ᠤᠯᠠᠭᠠᠨ ᠭᠤᠮ ᠰᠤᠮᠤ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠰᠤᠮᠤ ᠶᠢᠨ ᠢᠶᠠᠨ ᠮᠣᠷᠢᠨ ᠰᠫᠣᠷᠲ᠂ ᠤᠶᠠᠭᠠᠴᠢᠳ ᠤᠨ ᠬᠣᠯᠪᠣᠭ᠎ᠠ ᠲᠠᠢ ᠬᠠᠮᠲᠤᠷᠠᠨ ᠤᠪᠰᠤ ᠠᠶᠢᠮᠠᠭ ᠤᠨ ᠲᠥᠪ ᠦᠨ ᠪᠥᠰᠡ ᠶᠢᠨ ᠬᠤᠷᠳᠤᠨ ᠮᠣᠷᠢᠨ ᠤ  ᠱᠠᠩᠨᠠᠯᠲᠤ ᠤᠷᠤᠯᠳᠤᠭᠠᠨ ᠢ ᠡᠨᠡ ᠰᠠᠷ᠎ᠠ ᠶᠢᠨ 1 ᠍ ᠳᠦ ᠵᠣᠬᠢᠶᠠᠨ ᠶᠠᠪᠤᠭᠤᠯᠤᠯ᠎ᠠ᠃ ᠤᠷᠤᠯᠳᠤᠭᠠᠨ ᠳᠤ ᠤᠯᠠᠭᠠᠨ ᠭᠤᠮ ᠂ ᠲᠦᠷᠭᠡᠨ᠂ ᠰᠠᠭᠢᠯ᠂ ᠨᠠᠷᠠᠨᠪᠤᠯᠠᠭ᠂ ᠥᠨᠳᠦᠷᠬᠠᠩᠭᠠᠢ᠂ ᠬᠢᠷᠭᠠᠰ᠂ ᠵᠡᠭᠦᠨᠭᠣᠪᠢ᠂ ᠲᠠᠷᠢᠶᠠᠯᠠᠩ᠂ ᠥᠯᠥᠭᠡᠢ ᠰᠤᠮᠤ ᠶᠢᠨ 400 ᠭᠠᠷᠤᠢ ᠬᠤᠷᠳᠤᠨ ᠬᠦᠯᠦᠭ ᠲᠣᠭᠣᠰᠣ ᠪᠠᠨ ᠡᠷᠭᠦᠭᠰᠡᠨ ᠶᠤᠮ᠃
ᠡᠨᠡ ᠦᠶ᠎ᠡ ᠪᠡᠷ ᠤᠯᠠᠭᠠᠨ ᠭᠤᠮ ᠰᠤᠮᠤ ᠶᠢᠨ ᠮᠣᠷᠢᠨ ᠰᠫᠣᠷᠲ᠂ ᠤᠶᠠᠭᠠᠴᠢᠳ ᠤᠨ ᠬᠣᠯᠪᠣᠭᠠᠨ ᠠᠴᠠ ᠰᠤᠮᠤ ᠶᠢᠨ ᠠᠯᠳᠠᠷᠲᠤ ᠤᠶᠠᠭᠠᠴᠢ ᠶᠢᠨ ᠪᠣᠯᠵᠣᠯ ᠬᠠᠩᠭᠠᠭᠰᠠᠨ 10 ᠤᠶᠠᠭᠠᠴᠢ ᠳᠤ ᠴᠣᠯᠠ ᠶᠢ ᠨᠢ ᠭᠠᠷᠳᠠᠭᠤᠯᠤᠯ᠎ᠠ᠃ ᠠᠵᠢᠷᠭᠠᠨ ᠳᠤ ᠨᠠᠷᠠᠨᠪᠤᠯᠠᠭ ᠰᠤᠮᠤ ᠶᠢᠨ ᠤᠶᠠᠭᠠᠴᠢ ᠪ∙ᠴᠤᠭᠲᠤᠸᠠᠴᠢᠷ ᠤᠨ ᠬᠦᠷᠡᠩ ᠬᠠᠯᠵᠠᠨ᠂ ᠶᠡᠬᠡ ᠨᠠᠰᠤᠨ ᠳᠤ ᠳᠠᠪᠤᠰᠤᠲᠤ ᠰᠤᠮᠤ ᠶᠢᠨ ᠠ᠊∙ᠰᠠᠶᠢᠨᠪᠠᠶᠠᠷ ᠤᠨ ᠬᠡᠭᠡᠷ᠂ ᠰᠣᠶᠣᠭᠠᠯᠠᠩ ᠳᠤ ᠥᠨᠳᠦᠷᠬᠠᠩᠭᠠᠢ ᠰᠤᠮᠤ ᠶᠢᠨ ᠳ∙ᠨᠢᠮᠠᠬᠦᠦ ᠶᠢᠨ ᠬᠤᠯᠠ᠂ ᠬᠢᠵᠠᠭᠠᠯᠠᠩ ᠳᠤ ᠤᠯᠠᠭᠠᠨ ᠭᠤᠮ ᠰᠤᠮᠤ ᠶᠢᠨ ᠬ∙ᠰᠦᠬᠡᠪᠠᠭᠠᠲᠤᠷ ᠤᠨ ᠬᠤᠯᠠ᠂ ᠰᠢᠳᠦᠯᠡᠩ ᠳᠦ ᠵᠠᠪᠬᠠᠨ ᠰᠤᠮᠤ ᠶᠢᠨ ᠭ∙ᠡᠷᠳᠡᠨᠢ ᠶᠢᠨ ᠪᠣᠷᠣ᠂  ᠳᠠᠭ᠎ᠠ ᠳᠤ ᠥᠨᠳᠦᠷᠬᠠᠩᠭᠠᠢ ᠰᠤᠮᠤ ᠶᠢᠨ ᠪ∙ᠨᠢᠮᠠᠰᠠᠮᠪᠤᠤ ᠶᠢᠨ  ᠬᠡᠭᠡᠷ ᠲᠤᠰ ᠲᠤᠰ ᠲᠦᠷᠦᠭᠦᠯᠡᠭᠰᠡᠨ ᠶᠤᠮ᠃

ᠰᠡᠳᠬᠢᠭᠳᠡᠯ ᠦᠯᠡᠳᠡᠭᠡᠬᠦ