ᠴᠡᠷᠢᠭ ᠰᠫᠣᠷᠲ ᠤᠨ  ︽ ᠳᠦᠯᠦ-2019 ︾ ᠲᠡᠮᠡᠴᠡᠭᠡᠨ ᠪᠣᠯᠤᠯ᠎ᠠ | News.MN

ᠴᠡᠷᠢᠭ ᠰᠫᠣᠷᠲ ᠤᠨ  ︽ ᠳᠦᠯᠦ-2019 ︾ ᠲᠡᠮᠡᠴᠡᠭᠡᠨ ᠪᠣᠯᠤᠯ᠎ᠠ

ᠮᠣᠩᠭᠣᠯ ᠤᠯᠤᠰ ᠤᠨ ᠪᠠᠭᠠᠲᠤᠷ ᠳ∙ᠰᠠᠮᠲᠠᠨ ᠤ ᠨᠡᠷᠡᠮᠵᠢᠲᠦ ᠲᠥᠪ ᠠᠶᠢᠮᠠᠭ ᠤᠨ ᠠᠪᠤᠷᠭᠤ ᠰᠢᠯᠭᠠᠷᠠᠭᠤᠯᠬᠤ ︽ᠳᠦᠯᠦ-2019 ︾ ᠰᠫᠣᠷᠲ ᠤᠨ ᠲᠡᠮᠡᠴᠡᠭᠡᠨ ᠥᠨᠥᠳᠥᠷ ᠲᠦᠪ ᠠᠶᠢᠮᠠᠭ ᠤᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ  ᠤᠨ ᠪᠠᠶᠢᠷᠢᠨ ᠤ ᠤᠷᠳᠤ ᠲᠠᠯᠠᠪᠠᠢ ᠳᠤ ᠪᠣᠯᠤᠯ᠎ᠠ᠃ ᠲᠡᠮᠡᠴᠡᠭᠡᠨ ᠢ  ᠬᠠᠯᠬ᠎ᠠ ᠭᠤᠤᠯ ᠤᠨ 80 ᠵᠢᠯ ᠦᠨ ᠣᠢ ᠶᠢ ᠲᠣᠬᠢᠶᠠᠯᠳᠤᠭᠤᠯᠤᠨ ᠵᠣᠬᠢᠶᠠᠨ ᠪᠠᠶᠢᠭᠤᠯᠵᠤ ᠪᠠᠶᠢᠭ᠎ᠠ ᠠᠵᠠᠢ ᠃
ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ ᠠᠬᠠᠯᠠᠬᠤ ᠠᠩᠬᠢ ᠶᠢᠨ ᠰᠤᠷᠤᠭᠴᠢᠳ ᠤᠨ ᠳᠤᠮᠳᠠ ᠶᠠᠪᠤᠭᠤᠯᠵᠤ ᠪᠤᠢ ᠰᠫᠣᠷᠲ ᠲᠡᠮᠡᠴᠡᠭᠡᠨ ᠦ ᠵᠣᠷᠢᠯᠭ᠎ᠠ ᠨᠢ ᠬᠡᠦᠬᠡᠳ ᠪᠠᠭᠠᠴᠤᠳ ᠲᠤ ᠴᠡᠷᠢᠭ ᠦᠨ ᠬᠦᠮᠦᠨ ᠪᠣᠯᠬᠤ ᠬᠦᠰᠡᠯ ᠰᠣᠨᠢᠷᠬᠠᠯ ᠲᠥᠷᠥᠭᠦᠯᠬᠦ᠂ ᠴᠡᠷᠢᠭ᠂ ᠡᠬᠡ ᠣᠷᠣᠨᠴᠢ ᠦᠵᠡᠯ ᠲᠥᠯᠦᠪᠰᠢᠭᠦᠯᠬᠦ ᠳᠦ ᠴᠢᠭᠯᠡᠭᠳᠡᠵᠦ ᠪᠠᠶᠢᠭ᠎ᠠ ᠬᠡᠮᠡᠨ ᠠᠶᠢᠮᠠᠭ ᠤᠨ ᠱᠲ᠋ᠠᠪ ᠤᠨ ᠳᠠᠷᠤᠭ᠎ᠠ ᠬᠣᠰᠢᠭᠤᠴᠢ ᠲ∙ᠲᠡᠮᠦᠷᠴᠢᠳᠦᠷ ᠶᠠᠷᠢᠯ᠎ᠠ᠃
ᠲᠡᠮᠡᠴᠡᠭᠡᠨ ᠳᠦ ᠲᠥᠪ ᠠᠶᠢᠮᠠᠭ ᠤᠨ ᠠᠯᠲᠠᠨᠪᠤᠯᠠᠭ᠂  ᠡᠷᠳᠡᠨᠢᠰᠠᠩᠲᠤ ᠂ ᠪᠣᠷᠣᠨᠠᠭᠤᠷ᠂  ᠵᠠᠭᠤᠨᠮᠤᠳᠤ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 90 ᠭᠠᠷᠤᠢ ᠲᠠᠮᠢᠷᠴᠢᠨ 6 ᠪᠠᠭ ᠪᠣᠯᠤᠨ ᠦᠷᠢᠰᠦᠯᠳᠦᠯ᠎ᠡ᠃ ᠠᠶᠢᠮᠠᠭ ᠠᠴᠠ ᠰᠢᠯᠭᠠᠷᠠᠭᠰᠠᠨ ᠪᠠᠭ ᠲᠠᠮᠢᠷᠴᠢᠳ ᠵᠡᠭᠦᠨ ᠪᠥᠰᠡ ᠶᠢᠨ  ︽ᠳᠦᠯᠦ︾ ᠲᠡᠮᠡᠴᠡᠭᠡᠨ ᠳᠦ ᠤᠷᠤᠯᠴᠠᠬᠤ ᠡᠷᠬᠡ ᠲᠡᠢ ᠪᠣᠯᠤᠨ᠎ᠠ ᠃

ᠰᠡᠳᠬᠢᠭᠳᠡᠯ ᠦᠯᠡᠳᠡᠭᠡᠬᠦ