ᠶᠡᠷᠦᠩᠬᠡᠢ ᠰᠠᠶᠢᠳ ᠮᠡᠨᠳᠦᠴᠢᠯᠡᠭᠡ ᠳᠡᠪᠰᠢᠭᠦᠯᠪᠡ | News.MN

ᠶᠡᠷᠦᠩᠬᠡᠢ ᠰᠠᠶᠢᠳ ᠮᠡᠨᠳᠦᠴᠢᠯᠡᠭᠡ ᠳᠡᠪᠰᠢᠭᠦᠯᠪᠡ

ᠮᠣᠩᠭᠣᠯ ᠤᠨ ᠰᠡᠳᠬᠦᠯᠴᠢᠳ ᠦᠨ ᠨᠢᠭᠡᠳᠦᠭᠰᠡᠨ ᠡᠪᠯᠡᠯ ᠡᠴᠡ ᠳᠡᠯᠡᠬᠡᠢ ᠶᠢᠨ ᠬᠡᠪᠯᠡᠯ ᠦᠨ ᠡᠷᠬᠡ ᠴᠢᠯᠦᠭᠡᠨ ᠦ ᠡᠳᠦᠷ ᠢ ᠲᠣᠬᠢᠶᠠᠯᠳᠤᠭᠤᠯᠤᠨ ︽ᠬᠠᠷᠢᠶᠠᠲᠤ ᠪᠤᠰᠤ ᠰᠡᠳᠬᠦᠯ ᠵᠦᠢ︾ ᠦᠨᠳᠦᠰᠦᠨ ᠦ ᠹᠣᠷᠣᠮ ᠵᠣᠬᠢᠶᠠᠨ ᠪᠠᠶᠢᠭᠤᠯᠤᠯ᠎ᠠ᠃ ᠹᠣᠷᠣᠮ ᠤᠨ ᠦᠶ᠎ᠡ ᠪᠡᠷ ᠶᠡᠷᠦᠩᠬᠡᠢ ᠰᠠᠶᠢᠳ ᠤᠨ ᠬᠡᠪᠯᠡᠯ ᠦᠨ ᠲᠥᠯᠥᠭᠡᠯᠡᠭᠴᠢ ᠥ᠊∙ᠵᠣᠯᠪᠠᠶᠠᠷ ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠶᠢᠨ ᠮᠡᠨᠳᠦᠴᠢᠯᠡᠭᠡ ᠶᠢ ᠤᠩᠰᠢᠵᠤ ᠰᠣᠨᠣᠷᠳᠠᠭᠤᠯᠤᠯ᠎ᠠ᠃
ᠡᠷᠬᠢᠮ ᠰᠡᠳᠬᠦᠯᠴᠢᠳ ᠡ᠂  ᠬᠡᠪᠯᠡᠯ ᠮᠡᠳᠡᠭᠡᠯᠡᠯ ᠦᠨ ᠰᠠᠯᠪᠤᠷᠢ ᠶᠢᠨ ᠨᠡᠶᠢᠲᠡ ᠠᠵᠢᠯᠲᠠᠨ᠂ ᠠᠵᠢᠯᠯᠠᠭᠰᠠᠳ ᠡ ᠂ ᠲᠠ ᠪᠦᠬᠦᠨ ᠳᠦ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠨᠡᠷ᠎ᠡ ᠶᠢᠨ ᠡᠮᠦᠨ᠎ᠡ ᠡᠴᠡ ᠪᠣᠯᠤᠨ ᠬᠤᠪᠢ ᠠᠴᠠ ᠪᠠᠨ ᠳᠡᠯᠡᠬᠡᠢ ᠶᠢᠨ ᠬᠡᠪᠯᠡᠯ ᠦᠨ ᠡᠷᠬᠡ ᠴᠢᠯᠦᠭᠡᠨ ᠦ ᠡᠳᠦᠷ ᠦᠨ ᠬᠠᠯᠠᠭᠤᠨ ᠮᠡᠨᠳᠦᠴᠢᠯᠡᠭᠡ ᠳᠡᠪᠰᠢᠭᠦᠯᠦᠶ᠎ᠡ ᠃ ᠥᠨᠥᠳᠥᠷ ᠲᠠ ᠪᠦᠬᠦᠨ ᠦᠨᠳᠦᠰᠦᠨ ᠦ  ᠰᠡᠳᠭᠦᠯ  ᠵᠦᠢ  ᠶᠢᠨ 106 ᠵᠢᠯ ᠦᠨ ᠲᠡᠦᠬᠡ ᠪᠡᠨ ᠡᠷᠭᠢᠨ ᠬᠠᠷᠠᠵᠤ᠂ ᠬᠡᠪᠯᠡᠯ ᠮᠡᠳᠡᠭᠡᠯᠡᠯ᠂ ᠰᠡᠳᠭᠦᠯ  ᠵᠦᠢ  ᠶᠢᠨ ᠰᠠᠯᠪᠤᠷᠢ ᠶᠢᠨ ᠥᠨᠥᠳᠥᠷ ᠦᠨ ᠨᠥᠬᠥᠴᠡᠯ ᠪᠠᠶᠢᠳᠠᠯ ᠢ ᠰᠢᠭᠦᠨ ᠲᠤᠩᠭᠠᠵᠤ᠂ ᠢᠷᠡᠭᠡᠳᠦᠢ ᠶᠢᠨ ᠬᠥᠭᠵᠢᠯ ᠦᠨ ᠪᠣᠳᠣᠯᠭ᠎ᠠ ᠪᠠᠨ ᠲᠣᠳᠣᠷᠬᠠᠶᠢᠯᠠᠬᠤ ᠪᠠᠷ ︽ᠬᠠᠷᠢᠶᠠᠲᠤ ᠪᠤᠰᠤ ᠰᠡᠳᠬᠦᠯ ᠵᠦᠢ︾  ᠦᠨᠳᠦᠰᠦᠨ ᠦ ᠹᠣᠷᠣᠮ ᠳᠤ ᠬᠤᠷᠠᠨ ᠴᠤᠭᠯᠠᠷᠠᠭᠠᠳ ᠪᠠᠶᠢᠨ᠎ᠠ᠃
ᠮᠠᠨ ᠤ ᠤᠯᠤᠰ ᠤᠨ ᠵᠠᠮᠨᠠᠵᠤ ᠢᠷᠡᠭᠰᠡᠨ ᠨᠡᠶᠢᠭᠡᠮ ᠤᠨ ᠠᠯᠢ ᠴᠤ ᠲᠣᠭᠲᠠᠯᠴᠠᠭᠠᠨ ᠳ᠋ᠡᠬᠢ ᠠᠷᠠᠳ ᠣᠯᠠᠨ ᠤ ᠣᠶᠤᠨ ᠰᠠᠨᠠᠭᠠᠨ ᠤ ᠠᠮᠢᠳᠤᠷᠠᠯ ᠳᠤ ᠲᠠ ᠪᠦᠬᠦᠨ ᠦ ᠮᠡᠷᠭᠡᠵᠢᠯ᠂ ᠦᠢᠯᠡ ᠬᠡᠷᠡᠭ ᠴᠢᠬᠤᠯᠠ ᠨᠥᠯᠥᠭᠡ ᠲᠡᠢ᠂ ᠦᠨᠡᠮᠯᠡᠬᠦᠢ ᠥᠨᠳᠥᠷ ᠪᠠᠶᠢᠷᠢ ᠰᠠᠭᠤᠷᠢ ᠲᠠᠢ ᠶᠠᠪᠤᠵᠤ ᠢᠷᠡᠯ᠎ᠡ᠃ ᠮᠣᠩᠭᠣᠯ ᠤᠯᠤᠰ ᠰᠢᠨ᠎ᠡ ᠦᠨᠳᠦᠰᠦᠨ ᠬᠠᠤᠯᠢ ᠪᠠᠨ ᠪᠠᠲᠤᠯᠠᠵᠤ ᠂ ᠡᠬᠡ ᠣᠷᠣᠨ ᠳᠤ ᠪᠠᠨ ᠬᠦᠮᠦᠯᠢᠭ᠂ ᠢᠷᠭᠡᠨ ᠦ ᠠᠷᠠᠳᠴᠢᠯᠠᠭᠰᠠᠨ ᠨᠡᠶᠢᠭᠡᠮ ᠪᠠᠶᠢᠭᠤᠯᠬᠤ ᠪᠠᠷ ᠪᠠᠷᠲᠠᠭ᠎ᠠ ᠨᠤᠭᠤᠴᠠᠭ᠎ᠠ ᠲᠠᠢ ᠡᠭᠡᠯ ᠪᠤᠰᠤ ᠵᠠᠮ ᠢᠶᠠᠷ ᠤᠷᠤᠭᠰᠢ ᠲᠡᠮᠡᠦᠯᠦᠭᠰᠡᠨ ᠣᠨ ᠵᠢᠯ ᠦᠳ ᠲᠦ ᠰᠡᠳᠬᠦᠯᠴᠢ ᠲᠠ ᠪᠦᠬᠦᠨ ᠦ  ᠬᠠᠷᠢᠶᠠᠲᠤ ᠪᠤᠰᠤ᠂ ᠬᠠᠷᠢᠭᠤᠴᠠᠯᠭ᠎ᠠ ᠲᠠᠢ᠂ ᠴᠢᠯᠦᠭᠡᠲᠦ ᠰᠡᠳᠬᠦᠯ ᠵᠦᠢ ᠶᠢ ᠲᠥᠯᠦᠪᠰᠢᠭᠦᠯᠬᠦ ᠴᠢᠩ ᠡᠷᠡᠮᠡᠯᠵᠡᠯ᠂ ᠮᠢᠲᠠᠷᠠᠰᠢ ᠦᠭᠡᠢ ᠵᠢᠳᠬᠦᠯ ᠲᠠᠨᠢ ᠰᠢᠳᠤᠷᠭᠤ ᠦᠨᠡᠨ ᠦ ᠳᠠᠭᠤ ᠬᠣᠭᠣᠯᠠᠢ ᠪᠣᠯᠤᠨ ᠨᠡᠶᠢᠭᠡᠮ ᠳᠦ ᠲᠦᠭᠡᠵᠦ᠂ ᠨᠡᠶᠢᠭᠡᠮ ᠤᠨ ᠪᠤᠰᠤᠷᠮᠠᠭ᠂ ᠰᠢᠳᠤᠷᠭᠤ ᠪᠤᠰᠤ ᠠᠯᠢᠪᠠ ᠦᠭᠡ᠂ ᠦᠢᠯᠡᠳᠦᠯ ᠳᠦ ᠬᠠᠲᠠᠭᠤ ᠬᠢᠨᠠᠯᠲᠠ ᠲᠣᠭᠲᠠᠭᠠᠵᠤ ᠢᠷᠡᠭᠰᠡᠨ ᠢ ᠮᠣᠩᠭᠣᠯ ᠤᠨ ᠠᠷᠠᠳ ᠲᠦᠮᠡᠨ᠂ ᠲᠥᠷᠥ᠂ ᠵᠠᠰᠠᠭ ᠵᠦᠢ ᠶᠣᠰᠣᠭᠠᠷ ᠦᠨᠡᠯᠡᠳᠡᠭ᠃
ᠥᠨᠥ ᠴᠠᠭ ᠲᠤ ᠳᠡᠯᠡᠬᠡᠢ ᠳ᠋ᠠᠬᠢᠨ ᠳᠤ ᠲᠧᠭᠨᠣᠯᠣᠭᠢ ᠶᠢᠨ ᠳᠡᠪᠰᠢᠯ ᠢ ᠳᠠᠭᠠᠨ ᠮᠡᠳᠡᠭᠡᠯᠡᠯ ᠦᠨ ᠠᠰᠤᠷᠤ ᠶᠡᠬᠡ ᠤᠷᠤᠰᠬᠠᠯ ᠪᠤᠢ ᠪᠣᠯᠵᠤ᠂ ᠬᠦᠮᠦᠨ ᠪᠦᠷᠢ ᠨᠡᠶᠢᠭᠡᠮ ᠤᠨ ᠰᠦᠯᠵᠢᠶ᠎ᠡ ᠶᠢ ᠠᠰᠢᠭᠯᠠᠨ ᠦᠵᠡᠯ ᠪᠣᠳᠣᠯ ᠢᠶᠠᠨ ᠴᠢᠯᠦᠭᠡᠲᠡᠢ ᠢᠯᠡᠷᠬᠡᠶᠢᠯᠡᠬᠦ ᠡᠭᠦᠳᠡ ᠬᠠᠭᠠᠯᠭ᠎ᠠ ᠨᠡᠭᠡᠭᠡᠯᠲᠡ ᠲᠡᠢ ᠪᠣᠯᠵᠠᠢ᠃ ᠮᠡᠳᠡᠭᠡᠯᠡᠯ ᠦᠨ ᠡᠨᠡ ᠶᠡᠬᠡ ᠣᠷᠴᠢᠯ ᠳᠤᠮᠳᠠ ᠮᠡᠷᠭᠡᠵᠢᠯ ᠦᠨ ᠰᠡᠳᠬᠦᠯᠴᠢᠳ ᠦᠨ ᠬᠠᠷᠠᠭᠠᠲᠤ ᠪᠤᠰᠤ᠂ ᠮᠡᠷᠭᠡᠵᠢᠯ ᠦᠨ ᠶᠣᠰᠣ ᠵᠦᠢ ᠲᠡᠢ᠂ ᠦᠨᠡᠨ ᠪᠣᠳᠠᠲᠤ ᠡᠬᠢ ᠰᠤᠷᠪᠤᠯᠵᠢ ᠠᠴᠠ ᠣᠯᠵᠤ ᠠᠪᠤᠭᠰᠠᠨ ᠮᠡᠳᠡᠭᠡ᠂ ᠮᠡᠳᠡᠭᠡᠯᠡᠯ ᠦᠨ ᠦᠨ᠎ᠡ ᠴᠡᠨ᠎ᠡ᠂ ᠠᠴᠢ ᠬᠣᠯᠪᠣᠭᠳᠠᠯ ᠤᠯᠠᠮ ᠪᠦᠷ ᠨᠡᠮᠡᠭᠳᠡᠵᠦ ᠪᠠᠶᠢᠨ᠎ᠠ᠃ ᠲᠠ ᠪᠦᠬᠦᠨ ᠦ ᠭᠠᠷ ᠲᠤ ᠨᠡᠶᠢᠭᠡᠮ ᠢᠶᠡᠨ ᠰᠣᠶᠣᠨ ᠭᠡᠭᠡᠷᠡᠭᠦᠯᠬᠦ᠂ ᠮᠠᠷᠭᠠᠰᠢ ᠶᠢᠨ ᠰᠠᠶᠢᠨ ᠰᠠᠶᠢᠬᠠᠨ ᠳᠤ ᠤᠷᠢᠶᠠᠯᠠᠨ ᠲᠠᠭᠤᠳᠠᠬᠤ ᠠᠰᠤᠷᠤ ᠶᠡᠬᠡ ᠨᠥᠭᠡᠴᠡ ᠪᠣᠯᠤᠯᠴᠠᠭ᠎ᠠ᠂ ᠬᠦᠴᠦ ᠪᠠᠶᠢᠭ᠎ᠠ ᠳᠤ ᠣᠭᠲᠣ ᠡᠷᠡᠭᠡᠯᠵᠡᠬᠦ ᠦᠭᠡᠢ ᠪᠠᠶᠢᠨ᠎ᠠ᠃
ᠰᠡᠳᠬᠦᠯᠴᠢᠳ ᠪᠣᠯ ᠲᠥᠷᠥ ᠵᠠᠰᠠᠭ ᠤᠨ ᠪᠣᠳᠣᠯᠭ᠎ᠠ᠂ ᠦᠢᠯᠡ ᠬᠡᠷᠡᠭ ᠢ ᠨᠡᠶᠢᠲᠡ ᠳᠦ ᠲᠠᠨᠢᠭᠤᠯᠤᠨ ᠰᠤᠷᠲᠠᠯᠴᠢᠯᠠᠬᠤ᠂ ᠲᠡᠭᠦᠨ ᠢ ᠬᠡᠷᠡᠭᠵᠢᠭᠦᠯᠬᠦ ᠳᠦ ᠭᠠᠷᠴᠤ ᠪᠠᠶᠢᠭ᠎ᠠ ᠠᠯᠳᠠᠭ᠎ᠠ ᠲᠠᠢ ᠪᠣᠯᠭᠠᠨ ᠳᠤ ᠰᠢᠭᠦᠮᠵᠢᠯᠡᠯᠲᠡᠢ ᠬᠠᠨᠳᠤᠨ ᠵᠠᠰᠠᠵᠤ ᠵᠠᠯᠠᠷᠠᠭᠤᠯᠬᠤ ᠶᠢ ᠠᠩᠬᠠᠷᠤᠭᠤᠯᠵᠤ ᠴᠢᠳᠠᠳᠠᠭ ᠨᠡᠶᠢᠭᠡᠮ ᠤᠨ ᠲᠦᠭᠦᠴᠡᠭᠡ ᠪᠣᠯᠤᠭᠰᠠᠨ ᠬᠦᠮᠦᠰ ᠪᠢᠯᠡ᠃ ᠲᠡᠶᠢᠮᠦ ᠡᠴᠡ ᠴᠢᠨᠠᠭᠰᠢᠳᠠ ᠴᠤ ᠲᠥᠷᠥ᠂ ᠠᠷᠠᠳ ᠲᠦᠮᠡᠨ ᠢ ᠬᠤᠯᠪᠤᠬᠤ ᠭᠦᠭᠦᠷᠭᠡ ᠨᠢ ᠪᠣᠯᠵᠤ ᠨᠡᠶᠢᠭᠡᠮ ᠤᠨ ᠡᠪ ᠨᠢᠭᠡᠳᠦᠯ ᠢ ᠬᠠᠩᠭᠠᠬᠤ ᠳᠤ ᠦᠨᠡᠯᠡᠵᠦ ᠪᠠᠷᠠᠰᠢ ᠦᠭᠡᠢ ᠬᠤᠪᠢ ᠨᠡᠮᠡᠷᠢ ᠪᠡᠨ ᠣᠷᠣᠭᠤᠯᠤᠨ᠎ᠠ ᠭᠡᠳᠡᠭ ᠲᠦ ᠢᠲᠡᠭᠡᠵᠦ ᠪᠠᠶᠢᠨ᠎ᠠ᠃
ᠮᠣᠩᠭᠣᠯ ᠤᠯᠤᠰ ᠤᠨ ᠵᠠᠰᠠᠭ ᠤᠨ ᠭᠠᠵᠠᠷ ᠶᠡᠷᠦᠩᠬᠡᠢ ᠰᠠᠶᠢᠳ ᠮᠢᠨᠦ ᠪᠡᠶ᠎ᠡ ᠬᠡᠪᠯᠡᠨ ᠨᠡᠶᠢᠲᠡᠯᠡᠬᠦ ᠡᠷᠬᠡ ᠴᠢᠯᠦᠭᠡ᠂ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ᠂ ᠰᠡᠳᠬᠦᠯᠴᠢᠳ ᠦᠨ ᠨᠡᠶᠢᠲᠡᠯᠢᠭ ᠡᠷᠬᠡ ᠠᠰᠢᠭ ᠢ ᠬᠠᠮᠠᠭᠠᠯᠠᠬᠤ᠂  ᠬᠦᠬᠢᠭᠦᠯᠦᠨ ᠳᠡᠮᠵᠢᠬᠦ ᠳᠦ ᠣᠨᠴᠠᠭᠠᠢ ᠠᠩᠬᠠᠷᠴᠤ᠂ ᠰᠠᠯᠪᠤᠷᠢ ᠶᠢᠨ ᠬᠠᠷᠢᠶᠠᠲᠤ ᠪᠤᠰᠤ ᠪᠠᠶᠢᠳᠠᠯ ᠢ ᠬᠠᠩᠭᠠᠬᠤ ᠳᠤ ᠪᠣᠳᠠᠲᠠᠢ ᠪᠠᠷ ᠳᠡᠮᠵᠢᠯᠭᠡ ᠦᠵᠡᠭᠦᠯᠦᠨ ᠠᠵᠢᠯᠯᠠᠬᠤ ᠪᠣᠯᠤᠨ᠎ᠠ ᠭᠡᠳᠡᠭ ᠢᠶᠡᠨ ᠢᠯᠡᠷᠬᠡᠶᠢᠯᠡᠶ᠎ᠡ᠃ ᠮᠣᠩᠭᠣᠯ ᠡᠬᠡ ᠣᠷᠣᠨ ᠳᠤ ᠪᠠᠨ ᠰᠢᠳᠤᠷᠭᠤ ᠶᠣᠰᠣ ᠶᠢ ᠪᠡᠬᠢᠵᠢᠭᠦᠯᠵᠦ᠂ ᠭᠠᠳᠠᠭᠠᠳᠤ ᠳᠤ ᠨᠡᠷ᠎ᠡ ᠬᠦᠨᠳᠦᠲᠡᠢ᠂  ᠳᠤᠲᠤᠭᠠᠳᠤ ᠳᠤ ᠪᠠᠨ ᠡᠪ ᠨᠢᠭᠡᠳᠦᠯ ᠲᠡᠢ᠂ ᠠᠷᠠᠳ ᠢᠷᠭᠡᠳ ᠲᠦ ᠪᠡᠨ ᠡᠭᠡᠯᠢᠲᠡᠢ ᠨᠡᠶᠢᠭᠡᠮ ᠢ ᠴᠤᠭᠴᠠᠯᠠᠬᠤ ᠶᠢᠨ ᠲᠥᠯᠦᠭᠡᠬᠢ ᠮᠣᠩᠭᠣᠯ ᠬᠦᠮᠦᠨ ᠪᠦᠷᠢ ᠶᠢᠨ ᠬᠦᠰᠡᠯ ᠮᠥᠷᠥᠭᠡᠳᠦᠯ᠂  ᠴᠢᠩ ᠡᠷᠡᠮᠡᠯᠵᠡᠯ ᠢ ᠰᠢᠩᠭᠡᠭᠡᠭᠰᠡᠨ ᠲᠠ ᠪᠦᠬᠦᠨ ᠦ ᠦᠢᠯᠡᠰ ᠲᠣᠳᠣ᠂ ᠦᠭᠡ ᠲᠠᠨᠢ ᠬᠤᠷᠴᠠ ᠪᠠᠶᠢᠬᠤ ᠪᠣᠯᠲᠤᠭᠠᠢ᠃
ᠮᠤᠩᠭᠤᠯ ᠤᠯᠤᠰ ᠤᠨ ᠶᠡᠷᠦᠩᠬᠡᠢ ᠰᠠᠶᠢᠳ ᠤᠬᠤᠨ᠎ᠠ ᠶᠢᠨ ᠬᠦᠷᠡᠯᠰᠦ᠋ᠬᠡ

2018 ᠣᠨ ᠤ 5 ᠳ᠋ᠤᠭᠠᠷ ᠰᠠᠷ᠎ᠠ ᠶᠢᠨ 03 ᠍ ᠤ ᠡᠳᠦᠷ

ᠰᠡᠳᠬᠢᠭᠳᠡᠯ ᠦᠯᠡᠳᠡᠭᠡᠬᠦ