︽ᠮᠢᠭ ︾ ᠬᠠᠯᠠᠭᠤᠨ ᠠᠭᠠᠷᠴᠠ ᠶᠢ ᠥᠭᠡᠷ᠎ᠡ ᠠᠶᠢᠮᠠᠭ ᠤᠳ ᠠᠴᠠ ᠴᠤ ᠵᠠᠬᠢᠶᠠᠯᠠᠵᠤ ᠠᠪᠳᠠᠭ | News.MN

 ︽ᠮᠢᠭ ︾ ᠬᠠᠯᠠᠭᠤᠨ ᠠᠭᠠᠷᠴᠠ ᠶᠢ ᠥᠭᠡᠷ᠎ᠡ ᠠᠶᠢᠮᠠᠭ ᠤᠳ ᠠᠴᠠ ᠴᠤ ᠵᠠᠬᠢᠶᠠᠯᠠᠵᠤ ᠠᠪᠳᠠᠭ

ᠥᠩᠭᠡᠷᠡᠭᠰᠡᠨ ᠣᠨ ᠤ ᠰᠡᠭᠦᠯᠡᠷ ᠳᠤᠮᠳᠠᠭᠤᠪᠢ ᠠᠶᠢᠮᠠᠭ ᠤᠨ ᠬᠤᠯᠳᠠ ᠰᠤᠮᠤᠨ ᠳᠤ ᠨᠢᠭᠡᠨ ᠰᠢᠨ᠎ᠡ ᠦᠢᠯᠡᠳᠪᠦᠷᠢᠯᠡᠯ ᠦᠢᠯᠡ ᠠᠵᠢᠯᠯᠠᠭ᠎ᠠ ᠶᠢ ᠪᠠᠨ ᠡᠬᠢᠯᠡᠭᠦᠯᠦᠭᠰᠡᠨ ᠨᠢ  ︽ᠵᠥᠩ ᠲᠡᠩᠭᠢᠰ︾  ᠺᠤᠮᠫᠠᠨᠢ ᠶᠢᠨ  ︽ᠮᠢᠭ︾ ᠠᠭᠠᠷᠴᠠᠨ ᠤ ᠦᠢᠯᠡᠳᠪᠦᠷᠢ ᠶᠤᠮ᠃ ᠲᠤᠰ ᠦᠢᠯᠡᠳᠪᠦᠷᠢ ᠶᠢᠨ ᠬᠠᠯᠠᠭᠤᠨ ᠠᠭᠠᠷᠴᠠ ᠶᠢ ᠤᠯᠠᠭᠠᠨᠪᠠᠭᠠᠲᠤᠷ ᠪᠣᠯᠤᠨ ᠪᠤᠰᠤᠳ ᠠᠶᠢᠮᠠᠭ ᠠᠴᠠ᠂ ᠢᠯᠠᠩᠭᠤᠶ᠎ᠠ ᠪᠠᠶᠠᠨᠬᠣᠩᠭᠣᠷ ᠠᠶᠢᠮᠠᠭ ᠠᠴᠠ ᠶᠡᠬᠡ ᠵᠠᠬᠢᠶᠠᠯᠠᠵᠤ ᠠᠪᠳᠠᠭ ᠠᠵᠡᠢ ᠃ ᠤᠯᠠᠮᠵᠢᠯᠠᠯᠲᠤ ᠠᠷᠭ᠎ᠠ ᠪᠠᠷ ᠪᠡᠯᠡᠳᠬᠡᠭᠰᠡᠨ ᠠᠭᠠᠷᠴᠠ ᠶᠢ ᠤᠳᠠᠭᠠᠨ ᠬᠤᠭᠤᠴᠠᠭ᠎ᠠ ᠪᠠᠷ ᠬᠠᠳᠠᠭᠠᠯᠠᠬᠤ ᠳᠤ  ᠬᠦᠭᠡᠴᠦᠷᠡᠵᠦ᠂ ᠮᠠᠭᠤᠳᠠᠬᠤ ᠡᠷᠡᠰᠳᠡᠯ ᠲᠡᠢ ᠪᠠᠶᠢᠳᠠᠭ᠃ ᠲᠡᠭᠡᠪᠡᠯ ᠡᠨᠡᠬᠦ ᠠᠭᠠᠷᠴᠠ ᠨᠢ ᠨᠠᠶᠢᠷᠠᠯᠭ᠎ᠠ ᠶᠢᠨ ᠬᠤᠪᠢ ᠳᠤ ᠤᠪᠢᠶᠤᠰ ᠂ ᠰᠢᠷ᠎ᠠ ᠲᠣᠰᠣ ᠨᠡᠮᠡᠨ ᠪᠠᠶᠠᠵᠢᠭᠤᠯᠵᠤ᠂ ᠬᠠᠳᠠᠭᠠᠯᠠᠬᠤ ᠬᠤᠭᠤᠴᠠᠭ᠎ᠠ ᠶᠢ ᠤᠷᠲᠤᠰᠬᠠᠭᠰᠠᠨ ᠢᠶᠠᠷ ᠢᠶᠠᠨ ᠳᠠᠪᠠᠭᠤ ᠲᠠᠯ᠎ᠠ ᠲᠠᠢ ᠶᠤᠮ᠃ ᠮᠦᠨ ᠦᠨᠢᠶᠡᠨ ᠦ ᠰᠦ ᠶᠢ ᠰᠡᠩᠰᠡᠳᠡᠵᠦ ᠬᠠᠲᠠᠭᠠᠭᠠᠳ᠂ ᠳᠠᠷᠠᠭ᠎ᠠ ᠨᠢ ᠲᠡᠭᠡᠷᠮᠡᠳᠡᠵᠦ ᠨᠤᠨᠲᠠᠭᠯᠠᠨ 20᠂ 100᠂ 130 ᠭᠷᠠᠮ ᠢᠶᠠᠷ ᠰᠠᠪᠠᠯᠠᠵᠤ᠂ ᠵᠠᠬ᠎ᠠ ᠵᠡᠭᠡᠯᠢ ᠳᠦ ᠨᠡᠶᠢᠯᠡᠭᠦᠯᠳᠡᠭ ᠪᠥᠭᠡᠳ ᠲᠤᠰ ᠺᠣᠮᠫᠠᠨᠢ ︽ᠬᠠᠲᠠᠭᠠᠮᠠᠯ ᠨᠤᠨᠲᠠᠭ ᠠᠭᠠᠷᠴᠠ︾ ᠦᠢᠯᠡᠳᠪᠦᠷᠢᠯᠡᠬᠦ ᠫᠠᠲ᠋ᠧᠨᠲ ᠢ ᠡᠵᠡᠮᠰᠢᠳᠡᠭ ᠠᠵᠢ᠃

ᠰᠡᠳᠬᠢᠭᠳᠡᠯ ᠦᠯᠡᠳᠡᠭᠡᠬᠦ