ᠨ∙ᠵᠢᠷᠭᠠᠯᠪᠠᠶᠠᠷ᠄ ᠪᠢ ᠰᠡᠷᠭᠦᠭᠡᠰᠢ ᠶᠢᠨ ᠠᠰᠠᠭᠤᠳᠠᠯ ᠳᠤ ᠬᠣᠯᠪᠣᠭᠳᠠᠭ᠎ᠠ ᠦᠭᠡᠢ   | News.MN

ᠨ∙ᠵᠢᠷᠭᠠᠯᠪᠠᠶᠠᠷ᠄ ᠪᠢ ᠰᠡᠷᠭᠦᠭᠡᠰᠢ ᠶᠢᠨ ᠠᠰᠠᠭᠤᠳᠠᠯ ᠳᠤ ᠬᠣᠯᠪᠣᠭᠳᠠᠭ᠎ᠠ ᠦᠭᠡᠢ  

ᠤᠯᠤᠰ ᠤᠨ ᠬᠠᠷᠴᠠᠭᠠᠢ ᠨ ∙ᠵᠢᠷᠭᠠᠯᠪᠠᠶᠠᠷ ᠲᠠᠩᠬᠢᠮ ᠤᠨ ᠪᠠᠷᠢᠯᠳᠤᠭᠠᠨ ᠳᠤ ᠪᠠᠷᠢᠯᠳᠤᠬᠤ ᠦᠭᠡᠢ ᠪᠠᠶᠢᠭ᠎ᠠ ᠪᠢᠯᠡ᠃ ᠲᠡᠭᠦᠨ ᠢ ᠪᠥᠬᠡ ᠰᠣᠨᠢᠷᠬᠠᠭᠴᠢ ᠦᠵᠡᠭᠴᠢᠳ ᠪᠠᠷᠢᠯᠳᠤᠬᠤ ᠶᠢ ᠪᠢᠲᠡᠭᠦᠬᠡᠨ ᠬᠦᠯᠢᠶᠡᠵᠦ ᠪᠠᠶᠢᠭ᠎ᠠ ᠴᠤ ᠣᠯᠠᠨ ᠨᠡᠶᠢᠲᠡ ᠶᠢᠨ ᠰᠦᠯᠵᠢᠶ᠎ᠡ ᠪᠡᠷ ᠲᠡᠭᠦᠨ ᠢ ᠰᠡᠷᠭᠦᠭᠡᠰᠢ ᠶᠢᠨ ᠠᠰᠠᠭᠤᠳᠠᠯ ᠳᠤ ᠬᠣᠯᠪᠣᠭᠳᠠᠭᠰᠠᠨ ᠤᠴᠢᠷ ᠪᠠᠷᠢᠯᠳᠤᠬᠤ ᠦᠭᠡᠢ ᠪᠠᠶᠢᠭ᠎ᠠ ᠭᠡᠬᠦ ᠮᠡᠳᠡᠭᠡᠯᠡᠯ ᠢ ᠴᠤ ᠭᠠᠷᠭᠠᠭᠠᠳ ᠪᠠᠶᠢᠭ᠎ᠠ ᠶᠤᠮ᠃ ᠶᠠᠭᠠᠬᠢᠭᠠᠳ ᠪᠠᠷᠢᠯᠳᠤᠬᠤ ᠦᠭᠡᠢ ᠪᠠᠶᠢᠭ᠎ᠠ ᠰᠢᠯᠲᠠᠭᠠᠨ ᠢᠶᠠᠨ  ᠲᠡᠷᠡ ᠢᠩᠭᠢᠵᠦ ᠲᠠᠶᠢᠯᠪᠤᠷᠢᠯᠠᠵᠠᠢ᠃
ᠲᠡᠷᠡ ᠪᠡᠷ ︽ᠰᠡᠭᠦᠯ ᠦᠨ ᠦᠶ᠎ᠡ ᠳᠦ ᠴᠠᠬᠢᠮ ᠣᠷᠴᠢᠨ ᠢᠶᠠᠷ ᠶᠠᠩᠵᠤ ᠪᠦᠷᠢ ᠶᠢᠨ ᠶᠠᠷᠢᠶ᠎ᠠ ᠭᠠᠷᠴᠤ ᠪᠠᠶᠢᠨ᠎ᠠ᠃  ᠪᠢ ᠶᠠᠮᠠᠷ ᠨᠢᠭᠡᠨ ᠠᠰᠠᠭᠤᠳᠠᠯ ᠳᠤ ᠬᠣᠯᠪᠣᠭᠳᠠᠭ᠎ᠠ ᠦᠭᠡᠢ᠃ ᠪᠥᠬᠡ ᠪᠡᠨ ᠳᠡᠭᠡᠳᠦᠯᠡᠳᠡᠭ᠂ ᠬᠦᠨᠳᠦᠯᠡᠳᠡᠭ ᠦᠵᠡᠭᠴᠢᠳ ᠮᠠᠨᠢ ᠮᠢᠨᠤ ᠪᠠᠷᠢᠯᠳᠤᠬᠤ ᠶᠢ ᠮᠡᠳᠡᠭᠡᠵᠢ ᠬᠦᠯᠢᠶᠡᠵᠦ ᠬᠦᠰᠡᠵᠦ ᠪᠠᠶᠢᠭ᠎ᠠ ᠪᠠᠶᠢᠬᠤ᠃ ᠪᠢ ᠪᠡᠷᠲᠡᠯ ᠠᠪᠤᠭᠰᠠᠨ ᠤᠴᠢᠷ ᠪᠠᠷᠢᠯᠳᠤᠬᠤ ᠦᠭᠡᠢ ᠪᠠᠶᠢᠭ᠎ᠠ᠃ ᠭᠡᠲᠡᠯ᠎ᠡ ᠨᠠᠮᠠᠶᠢ ᠳ᠋ᠤᠫᠢᠨ ᠬᠡᠷᠡᠭᠯᠡᠭᠰᠡᠨ ᠭᠡᠵᠦ ᠣᠶᠢᠯᠠᠭᠠᠭᠠᠳ ᠶᠠᠩᠵᠤ ᠪᠦᠷᠢ ᠪᠡᠷ ᠶᠠᠷᠢᠵᠤ ᠪᠢᠴᠢᠭᠡᠳ ᠪᠠᠶᠢᠬᠤ ᠰᠢᠭ᠋ ᠪᠠᠶᠢᠨ᠎ᠠ᠃ ᠨᠠᠭᠠᠳᠤᠮ ᠤᠨ ᠰᠢᠨᠵᠢᠯᠡᠭᠡᠨ ᠦ ᠬᠠᠷᠢᠭᠤ ᠵᠦᠭᠡᠷ ᠭᠠᠷᠤᠭᠰᠠᠨ ᠲᠠᠯ᠎ᠠ ᠪᠠᠷ ᠪᠠᠶᠠᠷ ᠨᠠᠭᠠᠳᠤᠮ ᠤᠨ ᠺᠣᠮᠢᠰ ᠨᠠᠳᠠ ᠳᠤ ᠮᠡᠳᠡᠭᠳᠡᠭᠰᠡᠨ ᠪᠠᠶᠢᠭ᠎ᠠ᠃  ᠪᠡᠶ᠎ᠡ ᠣᠳᠣ ᠬᠠᠷᠢᠴᠠᠩᠭᠤᠢ ᠭᠠᠶᠢᠭᠤᠢ ᠪᠣᠯᠤᠭᠰᠠᠨ᠃ ᠤᠯᠤᠰ ᠤᠨ ᠨᠠᠭᠠᠳᠤᠮ ᠤᠨ ᠢᠶᠠᠨ ᠪᠡᠯᠡᠳᠬᠡᠯ ᠳᠦ ᠪᠡᠨ ᠭᠠᠷᠤᠨ᠎ᠠ᠃ ᠮᠥᠨ ᠤᠪᠰᠤ ᠨᠠᠭᠤᠷ ᠳᠡᠪᠵᠢᠶᠡᠨ ᠦ ᠪᠡᠨ 20 ᠵᠢᠯ ᠦᠨ ᠣᠢ ᠳᠤ ᠵᠣᠷᠢᠭᠤᠯᠤᠭᠰᠠᠨ ᠪᠠᠷᠢᠯᠳᠤᠭᠠᠨ ᠪᠣᠯᠤᠨ᠎ᠠ᠃ ᠲᠡᠭᠦᠨ ᠳᠦ ᠪᠡᠨ ᠪᠠᠷᠢᠯᠳᠤᠨ᠎ᠠ ᠳ᠋ᠠ︾ ᠭᠡᠪᠡ᠃

ᠰᠡᠳᠬᠢᠭᠳᠡᠯ ᠦᠯᠡᠳᠡᠭᠡᠬᠦ