ᠣᠶᠤᠨ ᠤ ᠥᠮᠴᠢ ᠪᠡᠨ ᠪᠠᠷᠢᠴᠠᠭᠠᠯᠠᠵᠤ ᠵᠢᠭᠡᠯᠡ ᠠᠪᠳᠠᠭ ᠪᠣᠯᠤᠯ᠎ᠠ | News.MN

ᠣᠶᠤᠨ ᠤ ᠥᠮᠴᠢ ᠪᠡᠨ ᠪᠠᠷᠢᠴᠠᠭᠠᠯᠠᠵᠤ ᠵᠢᠭᠡᠯᠡ ᠠᠪᠳᠠᠭ ᠪᠣᠯᠤᠯ᠎ᠠ

︽ᠥᠷᠢᠰᠦᠯᠳᠦᠭᠡᠨ ᠳ᠋ᠡᠬᠢ ᠣᠶᠤᠨ ᠤ ᠥᠮᠴᠢ ᠶᠢᠨ ᠦᠨ᠎ᠡ ᠴᠡᠨ᠎ᠡ︾ ᠰᠡᠳᠦᠪᠲᠦ ᠣᠨᠣᠯ᠂ ᠫᠷᠠᠺᠲ᠋ᠢᠭ ᠤᠨ ᠠᠩᠬᠠᠳᠤᠭᠠᠷ ᠬᠤᠷᠠᠯ ᠥᠴᠥᠭᠡᠳᠦᠷ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠨᠣᠮ ᠤᠨ ᠰᠠᠩ ᠤᠨ ᠪᠠᠶᠢᠷᠢᠨ ᠳᠤ ᠪᠣᠯᠵᠤ ᠥᠩᠭᠡᠷᠡᠯ᠎ᠡ᠃ ᠬᠤᠷᠠᠯ ᠤᠨ ᠦᠶ᠎ᠡ ᠪᠡᠷ ᠣᠶᠤᠨ ᠤ ᠥᠮᠴᠢ ᠶᠢ ᠬᠠᠤᠯᠢ ᠪᠠᠷ ᠬᠠᠮᠠᠭᠠᠯᠠᠬᠤ᠂ ᠡᠳ᠋ ᠍ ᠦᠨ ᠵᠠᠰᠠᠭ ᠤᠨ ᠡᠷᠭᠢᠯᠲᠡ ᠳᠦ ᠬᠡᠷᠬᠢᠨ ᠤᠷᠤᠭᠤᠯᠬᠤ ᠲᠠᠯ᠎ᠠ ᠪᠠᠷ ᠲᠥᠷᠥ ᠪᠣᠯᠤᠨ ᠬᠤᠪᠢ ᠶᠢᠨ ᠬᠡᠪᠰᠢᠯ ᠦᠨ ᠲᠥᠯᠥᠭᠡᠯᠡᠭᠴᠢ ᠨᠠᠷ ᠬᠡᠯᠡᠯᠴᠡᠭᠰᠡᠨ ᠶᠤᠮ᠃ ᠬᠤᠷᠠᠯ ᠤᠨ ᠦᠶ᠎ᠡ ᠪᠡᠷ ᠤᠯᠠᠭᠠᠨᠪᠠᠭᠠᠲᠤᠷ ᠬᠣᠲᠠ ᠶᠢᠨ ᠪᠠᠩᠬᠢ ᠶᠢ ᠣᠨᠴᠠᠯᠠᠯ᠎ᠠ᠃ ᠤᠯᠠᠭᠠᠨᠪᠠᠭᠠᠲᠤᠷ ᠬᠣᠲᠠ ᠶᠢᠨ ᠪᠠᠩᠬᠢ ᠨᠢ ᠢᠮᠫᠣᠷᠲ ᠤᠨ ᠪᠠᠷᠠᠭ᠎ᠠ ᠶᠢ ᠤᠷᠤᠯᠠᠬᠤ ᠦᠢᠯᠡᠳᠪᠦᠷᠢᠯᠡᠯ ᠡᠷᠬᠢᠯᠡᠵᠦ ᠪᠤᠢ ᠪᠢᠽᠢᠨᠧᠰ ᠡᠷᠬᠢᠯᠡᠭᠴᠢ  ᠨᠠᠷ ᠲᠤ ︽ᠪᠠᠷᠠᠭᠠᠨ ᠤ ᠲᠡᠮᠳᠡᠭ ᠪᠠᠷᠢᠴᠠᠭᠠᠯᠠᠭᠰᠠᠨ ᠵᠢᠭᠡᠯᠡ︾ ᠶᠢ ᠠᠷᠠᠯᠵᠢᠶᠠᠨ ᠤ ᠪᠠᠩᠬᠢ ᠨᠤᠭᠤᠳ ᠳᠤᠮᠳᠠ ᠠᠴᠠ ᠠᠩᠬ᠎ᠠ ᠤᠳᠠᠭ᠎ᠠ ᠣᠯᠭᠤᠵᠤ ᠡᠬᠢᠯᠡᠭᠰᠡᠨ᠃ ᠢᠩᠭᠢᠭᠰᠡᠨ ᠢᠶᠡᠷ ᠣᠶᠤᠨ ᠤ ᠥᠮᠴᠢ ᠶᠢ ᠡᠳ᠋ ᠦᠨ ᠵᠠᠰᠠᠭ ᠤᠨ ᠡᠷᠭᠢᠯᠲᠡ ᠳᠦ ᠤᠷᠤᠭᠤᠯᠬᠤ ᠪᠣᠳᠠᠲᠤ ᠠᠯᠬᠤᠮ ᠪᠣᠯᠤᠯ᠎ᠠ ᠭᠡᠳᠡᠭ ᠢ ᠬᠡᠯᠡᠯᠴᠡᠭᠦᠯᠭᠡ ᠳᠦ ᠣᠷᠣᠯᠴᠠᠭᠴᠢ ᠨᠠᠷ ᠴᠣᠬᠣᠨ ᠲᠡᠮᠳᠡᠭᠯᠡᠭᠰᠡᠨ ᠶᠤᠮ᠃
ᠤᠯᠠᠭᠠᠨᠪᠠᠭᠠᠲᠤᠷ ᠬᠣᠲᠠ ᠶᠢᠨ ᠪᠠᠩᠬᠢᠨ ᠤ ᠪᠦᠲᠦᠭᠡᠭᠳᠡᠬᠦᠨ ᠬᠥᠭᠵᠢᠯ ᠦᠨ ᠬᠡᠯᠲᠡᠰ ᠦᠨ ᠵᠠᠬᠢᠷᠤᠯ ᠡ᠊∙ᠰᠢᠨᠡᠪᠠᠶᠠᠷ᠄ ᠤᠯᠠᠭᠠᠨᠪᠠᠭᠠᠲᠤᠷ ᠬᠣᠲᠠ ᠶᠢᠨ ᠪᠠᠩᠬᠢ ᠨᠢ 20 ᠵᠢᠯ ᠦᠨ ᠣᠢ ᠶᠢᠨ ᠬᠦᠷᠢᠶᠡᠨ ᠳᠦ ᠪᠠᠩᠬᠢᠨ ᠤ ᠰᠢᠰᠲ᠋ᠧᠮ ᠳᠦ ᠠᠩᠬ᠎ᠠ ᠤᠳᠠᠭ᠎ᠠ ︽ᠪᠠᠷᠠᠭᠠᠨ ᠤ ᠲᠡᠮᠳᠡᠭ ᠪᠤᠶᠤ ᠣᠶᠤᠨ ᠤ ᠥᠮᠴᠢ︾  ᠶᠢ ᠪᠠᠷᠢᠴᠠᠭᠠᠯᠠᠨ 50 ᠰᠠᠶ᠎ᠠ ᠬᠦᠷᠲᠡᠯᠡᠬᠢ ᠲᠥᠭᠥᠷᠢᠭ ᠦᠨ ᠵᠢᠭᠡᠯᠡ ᠶᠢᠨ ᠪᠦᠲᠦᠭᠡᠭᠳᠡᠬᠦᠨ ᠭᠠᠷᠭᠠᠭᠰᠠᠨ ᠶᠤᠮ᠃ ᠵᠠᠬ᠎ᠠ ᠵᠡᠭᠡᠯᠢ ᠳᠦ ᠠᠩᠬ᠎ᠠ ᠤᠳᠠᠭ᠎ᠠ ᠨᠡᠪᠲᠡᠷᠡᠭᠰᠡᠨ ᠡᠨᠡᠬᠦ ᠪᠦᠲᠦᠭᠡᠭᠳᠡᠬᠦᠨ ᠮᠠᠨᠢ ᠥᠩᠭᠡᠷᠡᠭᠰᠡᠨ ᠭᠤᠷᠪᠠᠨ ᠰᠠᠷ᠎ᠠ ᠶᠢᠨ ᠬᠤᠭᠤᠴᠠᠭᠠᠨ ᠳᠤ ᠮᠠᠰᠢ ᠣᠯᠠᠨ ᠪᠢᠽᠢᠨᠧᠰ ᠡᠷᠬᠢᠯᠡᠭᠴᠢ ᠶᠢᠨ ᠭᠠᠷ ᠲᠤ  ᠬᠦᠷᠦᠭᠡᠳ ᠪᠠᠶᠢᠨ᠎ᠠ᠃ ᠲᠥᠷᠥ ᠬᠠᠤᠯᠢ ᠡᠷᠬᠡ ᠵᠦᠢ ᠶᠢᠨ ᠲᠠᠯ᠎ᠠ ᠳᠡᠭᠡᠷ᠎ᠡ ᠱᠠᠭᠠᠷᠳᠠᠯᠭ᠎ᠠ ᠲᠠᠢ ᠠᠰᠠᠭᠤᠳᠠᠯ ᠤᠳ ᠢ ᠵᠣᠬᠢᠴᠠᠭᠤᠯᠪᠠᠯ ᠵᠥᠪᠬᠡᠨ ᠪᠠᠷᠠᠭᠠᠨ ᠤ ᠲᠡᠮᠳᠡᠭ ᠭᠡᠳᠡᠭ ᠢᠶᠡᠷ ᠵᠢᠭᠡᠯᠡ ᠶᠢᠨ ᠪᠦᠲᠦᠭᠡᠭᠳᠡᠬᠦᠨ ᠬᠢᠵᠠᠭᠠᠷᠯᠠᠭᠳᠠᠬᠤ ᠦᠭᠡᠢ᠃ ᠴᠠᠭᠠᠰᠢ ᠨᠢ ᠢᠯᠡᠭᠦᠦ ᠬᠥᠭᠵᠢᠭᠦᠯᠵᠦ  ᠪᠠᠷᠢᠴᠠᠭ᠎ᠠ ᠪᠣᠯᠤᠨ ᠨᠥᠬᠥᠴᠡᠯ ᠱᠠᠭᠠᠷᠳᠠᠯᠭ᠎ᠠ ᠶᠢ ᠰᠠᠶᠢᠵᠢᠷᠠᠭᠤᠯᠬᠤ ᠪᠣᠯᠤᠮᠵᠢ ᠲᠠᠢ ᠶᠤᠮ᠃
ᠪᠦᠪᠦᠨ᠎ᠡ ᠲᠷᠡᠶᠢᠳ᠋ ᠺᠤᠮᠫᠠᠨᠢ ᠶᠢᠨ ᠭᠦᠢᠴᠡᠳᠭᠡᠬᠦ ᠵᠠᠬᠢᠷᠤᠯ ᠡ᠊∙ᠠᠩᠬᠠᠭᠡᠷᠡᠯ᠄ ᠮᠠᠨ ᠤ ᠪᠦᠪᠦᠨ᠎ᠡ ᠠᠭᠠᠷᠤᠤᠯ ᠰᠢᠬᠢᠷ ᠦᠨ ᠦᠢᠯᠡᠳᠪᠦᠷᠢ ᠮᠠᠨᠢ ᠡᠨᠡ ᠵᠢᠯ Mongol HD ᠲᠸᠯᠸᠢᠰ ᠦᠨ ᠱᠠᠷᠺ ᠲᠠᠩᠺ ᠲᠥᠰᠥᠯ ᠳᠦ ᠣᠷᠣᠯᠴᠠᠵᠤ ᠂ 50 ᠰᠠᠶ᠎ᠠ ᠲᠥᠭᠥᠷᠢᠭ ᠦᠨ ᠬᠥᠷᠥᠩᠭᠡ ᠣᠷᠣᠭᠤᠯᠤᠯᠲᠠ ᠠᠪᠴᠤ ᠴᠢᠳᠠᠭᠰᠠᠨ᠃ ᠡᠨᠡᠬᠦ ᠬᠥᠷᠥᠩᠭᠡ ᠣᠷᠣᠭᠤᠯᠤᠯᠲᠠ ᠪᠠᠨ ᠦᠢᠯᠡᠳᠪᠦᠷᠢ ᠶᠢᠨ ᠬᠦᠴᠦᠨ ᠴᠢᠳᠠᠯ ᠢ ᠨᠡᠮᠡᠭᠳᠡᠭᠦᠯᠬᠦ ᠳᠦ ᠠᠰᠢᠭᠯᠠᠭᠰᠠᠨ ᠶᠤᠮ᠃ ᠦᠢᠯᠡᠳᠪᠦᠷᠢ ᠶᠢᠨ ᠲᠣᠨᠣᠭ ᠲᠥᠬᠥᠭᠡᠷᠦᠮᠵᠢ ᠪᠡᠨ ᠰᠢᠨᠡᠴᠢᠯᠡᠭᠰᠡᠨ ᠲᠡᠢ ᠬᠣᠯᠪᠣᠭ᠎ᠠ ᠲᠠᠢ ᠪᠦᠲᠦᠭᠡᠭᠳᠡᠬᠦᠨ ᠳᠡᠭᠡᠷ᠎ᠡ ᠪᠡᠨ ᠰᠢᠨᠡᠴᠢᠯᠡᠯᠲᠡ ᠬᠢᠬᠦ ᠱᠠᠭᠠᠷᠳᠠᠯᠭ᠎ᠠ ᠭᠠᠷᠤᠭᠰᠠᠨ᠃ ᠢᠩᠭᠢᠭᠡᠳ ᠥᠪᠡᠷ ᠦᠨ ᠪᠷᠠᠨᠳ᠋ ᠪᠠᠷᠠᠭᠠᠨ ᠤ ᠲᠡᠮᠳᠡᠭ ᠢᠶᠡᠨ ᠪᠠᠷᠢᠴᠠᠭᠠᠯᠠᠨ ᠤᠯᠠᠭᠠᠨᠪᠠᠭᠠᠲᠤᠷ ᠬᠣᠲᠠ ᠶᠢᠨ ᠪᠠᠩᠬᠢ ᠠᠴᠠ 50 ᠰᠠᠶ᠎ᠠ ᠲᠥᠭᠥᠷᠢᠭ ᠵᠢᠭᠡᠯᠡᠭᠰᠡᠨ᠃ ᠦᠨᠳᠦᠰᠦᠨ ᠦ ᠦᠢᠯᠡᠳᠪᠦᠷᠢᠯᠡᠯ ᠢ ᠢᠩᠭᠢᠵᠦ ᠪᠣᠳᠠᠲᠠᠢ ᠳᠡᠮᠵᠢᠵᠦ ᠪᠠᠶᠢᠭ᠎ᠠ ᠳᠤ ᠪᠢᠳᠡ ᠪᠠᠶᠠᠷᠲᠠᠢ ᠪᠠᠶᠢᠭ᠎ᠠ᠃

ᠰᠡᠳᠬᠢᠭᠳᠡᠯ ᠦᠯᠡᠳᠡᠭᠡᠬᠦ