ᠮᠣᠩᠭᠣᠯ ᠪᠢᠴᠢᠭ ᠢᠶᠡᠨ ᠬᠥᠭᠵᠢᠭᠦᠯᠬᠦ ᠳᠦ ᠠᠩᠬᠠᠷᠴᠤ ᠠᠵᠢᠯᠯᠠᠬᠤ ᠪᠠᠨ ᠢᠯᠡᠷᠬᠡᠶᠢᠯᠡᠯ᠎ᠡ   | News.MN

ᠮᠣᠩᠭᠣᠯ ᠪᠢᠴᠢᠭ ᠢᠶᠡᠨ ᠬᠥᠭᠵᠢᠭᠦᠯᠬᠦ ᠳᠦ ᠠᠩᠬᠠᠷᠴᠤ ᠠᠵᠢᠯᠯᠠᠬᠤ ᠪᠠᠨ ᠢᠯᠡᠷᠬᠡᠶᠢᠯᠡᠯ᠎ᠡ  

︽ᠬᠥᠮᠥᠨ ᠪᠢᠴᠢᠭ︾ ᠰᠣᠨᠢᠨ ᠤ ᠬᠠᠷᠢᠭᠤᠴᠠᠯᠭ᠎ᠠ ᠲᠠᠢ ᠨᠠᠷᠢᠨ ᠪᠢᠴᠢᠭ ᠦᠨ ᠳᠠᠷᠤᠭ᠎ᠠ ᠪ∙ᠡᠯᠪᠡᠭᠵᠠᠶᠠᠭ᠎ᠠ ᠳᠤᠮᠳᠠᠭᠤᠪᠢ ᠠᠶᠢᠮᠠᠭ ᠤᠨ ᠵᠠᠰᠠᠭ ᠳᠠᠷᠤᠭ᠎ᠠ ᠶᠢᠨ ᠣᠷᠣᠯᠠᠭᠴᠢ ᠵ∙ᠮᠥᠩᠬᠡᠴᠢᠯᠠᠭᠤᠨ ᠲᠠᠢ ᠠᠭᠤᠯᠵᠠᠵᠤ᠂ ᠰᠣᠨᠢᠨ ᠤ ᠪᠣᠳᠣᠯᠭ᠎ᠠ᠂ ᠵᠠᠬᠢᠶᠠᠯᠠᠭ᠎ᠠ᠂ ᠮᠣᠩᠭᠣᠯ ᠪᠢᠴᠢᠭ ᠦᠰᠦᠭ ᠢᠶᠡᠨ ᠲᠦᠭᠡᠭᠡᠨ ᠳᠡᠯᠭᠡᠷᠡᠭᠦᠯᠬᠦ ᠦᠢᠯᠡ ᠠᠵᠢᠯᠯᠠᠭᠠᠨ ᠤ ᠲᠠᠯ᠎ᠠ ᠪᠠᠷ ᠶᠠᠷᠢᠯᠴᠠᠯ᠎ᠠ᠃ ᠠᠭᠤᠯᠵᠠᠯᠲᠠ ᠳᠤ ᠮᠣᠩᠭᠣᠯ ᠤᠯᠤᠰ ᠤᠨ ᠠᠷᠠᠳ ᠤᠨ ᠪᠠᠭᠰᠢ ᠳ∙ᠲᠡᠮᠦᠷ ᠮᠥᠨ ᠣᠷᠣᠯᠴᠠᠭᠰᠠᠨ ᠶᠤᠮ᠃
ᠵᠠᠰᠠᠭ ᠳᠠᠷᠤᠭ᠎ᠠ ᠶᠢᠨ ᠣᠷᠣᠯᠠᠭᠴᠢ ᠵ∙ᠮᠥᠩᠬᠡᠴᠢᠯᠠᠭᠤᠨ ᠠᠶᠢᠮᠠᠭ ᠤᠨ ᠬᠡᠮᠵᠢᠶᠡᠨ ᠳᠦ ᠮᠣᠩᠭᠣᠯ ᠪᠢᠴᠢᠭ ᠢ ᠬᠡᠷᠡᠭᠯᠡᠭᠡ ᠪᠣᠯᠭᠠᠬᠤ ᠲᠠᠯ᠎ᠠ ᠪᠠᠷ ᠬᠢᠵᠦ ᠬᠡᠷᠡᠭᠵᠢᠭᠦᠯᠵᠦ ᠪᠠᠶᠢᠭ᠎ᠠ ᠠᠵᠢᠯ ᠢᠶᠠᠨ ᠲᠠᠨᠢᠯᠴᠠᠭᠤᠯᠵᠤ᠂ ᠲᠥᠷᠥ᠂ ᠲᠥᠷᠥ ᠶᠢᠨ ᠪᠤᠰᠤ ᠪᠠᠶᠢᠭᠤᠯᠤᠯᠭ᠎ᠠ ᠶᠢᠨ ᠬᠠᠮᠲᠤ ᠶᠢᠨ ᠠᠵᠢᠯᠯᠠᠭᠠᠨ ᠤ ᠦᠷ᠎ᠡ ᠳ᠋ᠦᠩ ᠳᠦ ᠪᠠᠶᠢᠭᠤᠯᠤᠯᠭ᠎ᠠ ᠨᠤᠭᠤᠳ ᠭᠠᠳᠠᠨ᠎ᠠ ᠬᠠᠶ᠋ᠢᠭ ᠢᠶᠠᠨ ᠮᠣᠩᠭᠣᠯ ᠪᠢᠴᠢᠭ ᠢᠶᠡᠷ ᠪᠢᠴᠢᠵᠦ᠂ ᠪᠠᠶᠢᠷᠢᠯᠠᠭᠤᠯᠵᠤ ᠪᠠᠶᠢᠭ᠎ᠠ ᠶᠢ ᠣᠨᠴᠠᠯᠠᠭᠠᠳ᠂ ᠴᠠᠭᠠᠰᠢᠳᠠ ᠮᠣᠩᠭᠣᠯ ᠪᠢᠴᠢᠭ᠂ ᠥᠪ ᠰᠤᠶᠤᠯ ᠢᠶᠠᠨ ᠬᠥᠭᠵᠢᠭᠦᠯᠬᠦ ᠳᠦ ᠠᠩᠬᠠᠷᠴᠤ ᠠᠵᠢᠯᠯᠠᠬᠤ ᠪᠠᠨ ᠢᠯᠡᠷᠬᠡᠶᠢᠯᠡᠯ᠎ᠡ᠃
ᠪ∙ᠡᠯᠪᠡᠭᠵᠠᠶᠠᠭ᠎ᠠ ︽ᠬᠥᠮᠥᠨ ᠪᠢᠴᠢᠭ︾ ᠰᠣᠨᠢᠨ ᠤ ᠳᠤᠮᠳᠠᠭᠤᠪᠢ ᠠᠶᠢᠮᠠᠭ ᠤᠨ ᠵᠠᠬᠢᠶᠠᠯᠠᠭᠴᠢ᠂ ᠤᠩᠰᠢᠭᠴᠢᠳ ᠤᠨ ᠲᠣᠭ᠎ᠠ ᠨᠡᠮᠡᠭᠳᠡᠵᠦ  ᠪᠠᠶᠢᠭ᠎ᠠ ᠳᠤ ᠲᠠᠯᠠᠷᠬᠠᠵᠤ᠂ ᠬᠠᠮᠲᠤᠷᠠᠨ ᠠᠵᠢᠯᠯᠠᠬᠤ ᠶᠢ ᠬᠦᠰᠡᠭᠡᠳ ᠴᠢᠨᠠᠭᠰᠢᠳᠠ ᠮᠣᠩᠭᠣᠯ ᠪᠢᠴᠢᠭ᠂ ᠥᠪ ᠰᠤᠶᠤᠯ ᠢᠶᠠᠨ ᠲᠦᠭᠡᠭᠡᠨ ᠳᠡᠯᠭᠡᠷᠡᠭᠦᠯᠵᠦ᠂ ᠬᠡᠦᠬᠡᠳ ᠵᠠᠯᠠᠭᠤᠴᠤᠳ ᠲᠤ ᠥᠪᠯᠡᠭᠦᠯᠵᠦ ᠪᠠᠶᠢᠭ᠎ᠠ ᠶᠠᠮᠠᠷ ᠴᠤ ᠮᠡᠳᠡᠭᠡ ᠶᠢ ᠰᠣᠨᠢᠨ ᠳᠤ ᠪᠠᠨ ᠭᠠᠷᠭᠠᠵᠤ᠂ ᠳᠡᠮᠵᠢᠵᠦ ᠠᠵᠢᠯᠯᠠᠬᠤ ᠳᠤ ᠪᠡᠯᠡᠨ ᠪᠠᠶᠢᠭ᠎ᠠ ᠪᠠᠨ ᠢᠯᠡᠷᠬᠡᠶᠢᠯᠡᠭᠰᠡᠨ ᠶᠤᠮ᠃

ᠰᠡᠳᠬᠢᠭᠳᠡᠯ ᠦᠯᠡᠳᠡᠭᠡᠬᠦ