︽ᠮᠣᠩᠭᠣᠯ ᠤᠨ ᠰᠠᠶᠢᠬᠠᠨ ᠪᠢᠴᠢᠭᠲᠡᠨ︾ ᠥᠬᠢᠨ ᠠᠯᠲᠠᠨ ᠮᠧᠳᠠᠯ  ᠬᠦᠷᠲᠡᠵᠡᠢ | News.MN

︽ᠮᠣᠩᠭᠣᠯ ᠤᠨ ᠰᠠᠶᠢᠬᠠᠨ ᠪᠢᠴᠢᠭᠲᠡᠨ︾ ᠥᠬᠢᠨ ᠠᠯᠲᠠᠨ ᠮᠧᠳᠠᠯ  ᠬᠦᠷᠲᠡᠵᠡᠢ

ᠤᠪᠰᠤ ᠠᠶᠢᠮᠠᠭ ᠲᠤ ᠡᠨᠡ ᠰᠠᠷ᠎ᠠ ᠶᠢᠨ 29 ᠳᠦ ᠪᠣᠯᠤᠭᠰᠠᠨ ᠮᠣᠩᠭᠣᠯ ᠪᠢᠴᠢᠭ ᠦᠨ ᠤᠯᠤᠰ ᠤᠨ ᠣᠯᠢᠮᠫᠢᠶᠠᠳ᠋  ᠤᠨ 12  ᠳ᠋ᠤᠭᠠᠷ ᠠᠩᠬᠢ ᠶᠢᠨ ᠰᠤᠷᠤᠭᠴᠢᠳ ᠤᠨ ᠲᠥᠷᠥᠯ ᠳᠦ ᠤᠯᠠᠭᠠᠨ ᠭᠤᠮ ᠰᠤᠮᠤ ᠶᠢᠨ ᠶᠡᠷᠦᠩᠬᠡᠢ ᠪᠣᠯᠪᠠᠰᠤᠷᠠᠯ ᠤᠨ 6 ᠳ᠋ᠤᠭᠠᠷ ᠰᠤᠷᠭᠠᠭᠤᠯᠢ ᠶᠢᠨ 12 B ᠠᠩᠬᠢ ᠶᠢᠨ ᠰᠤᠷᠤᠭᠴᠢ ᠪ∙ᠣᠳᠣᠨᠲᠤᠩᠭᠠᠯᠠᠭ ᠲᠦᠷᠦᠭᠦᠯᠡᠵᠦ ᠠᠯᠲᠠᠨ ᠮᠧᠳᠠᠯ ᠬᠦᠷᠲᠡᠭᠰᠡᠨ ᠪᠠᠶᠢᠨ᠎ᠠ᠃ ᠬᠠᠷᠢᠨ ᠲᠡᠭᠦᠨ ᠦ ᠪᠠᠭᠰᠢ ᠮ∙ᠥᠯᠵᠡᠶᠢᠳᠡᠯᠭᠡᠷ ᠪᠠᠭᠰᠢ ᠨᠠᠷ ᠤᠨ ᠲᠥᠷᠥᠯ ᠳᠦ ᠮᠥᠩᠭᠥᠨ ᠮᠧᠳᠠᠯ ᠬᠦᠷᠲᠡᠵᠡᠢ ᠃ ᠡᠶᠢᠨ ᠬᠦ ᠪᠠᠭᠰᠢ᠂ ᠱᠠᠪᠢ ᠬᠣᠶᠠᠷ ᠤᠨ ᠠᠮᠵᠢᠯᠲᠠ ᠶᠢᠨ ᠪᠤᠤᠬᠢᠶ᠎ᠠ ᠦᠷᠭᠦᠯᠵᠢᠯᠡᠭᠰᠡᠭᠡᠷ ᠪᠠᠶᠢᠨ᠎ᠠ᠃
ᠪ∙ᠣᠳᠣᠨᠲᠤᠩᠭᠠᠯᠠᠭ ︽ᠬᠥᠮᠥᠨ ᠪᠢᠴᠢᠭ︾ ᠰᠣᠨᠢᠨ ᠠᠴᠠ ᠵᠢᠯ ᠪᠦᠷᠢ ᠤᠯᠠᠮᠵᠢᠯᠠᠯ ᠪᠣᠯᠭᠠᠨ ᠶᠠᠪᠤᠭᠤᠯᠳᠠᠭ  ︽ᠮᠣᠩᠭᠣᠯ ᠤᠨ ᠰᠠᠶᠢᠬᠠᠨ ᠪᠢᠴᠢᠭᠲᠡᠨ︾ ᠤᠯᠤᠰ ᠤᠨ ᠤᠷᠤᠯᠳᠤᠭᠠᠨ ᠤ 12 ᠳ᠋ᠤᠭᠠᠷ ᠠᠩᠬᠢ ᠶᠢᠨ ᠰᠤᠷᠤᠭᠴᠢᠳ ᠤᠨ ᠲᠥᠷᠥᠯ ᠳᠦ ᠡᠨᠡ ᠵᠢᠯ ᠲᠦᠷᠦᠭᠦᠯᠡᠭᠰᠡᠨ ᠶᠤᠮ ᠃ ᠰᠣᠨᠢᠨ ᠳᠤ ︽ᠠᠶᠢᠮᠠᠭ᠂ ᠤᠯᠤᠰ ᠤᠨ ᠮᠣᠩᠭᠣᠯ ᠪᠢᠴᠢᠭ ᠦᠨ ᠣᠯᠢᠮᠫᠢᠶᠠᠳ᠋  ᠲᠤ ᠲᠦᠷᠦᠭᠦᠯᠡᠬᠦ ᠶᠢ ᠬᠦᠰᠡᠵᠦ ᠪᠠᠶᠢᠨ᠎ᠠ︾ ᠬᠡᠮᠡᠨ ᠬᠡᠯᠡᠵᠦ ᠪᠠᠶᠢᠭᠰᠠᠨ ᠥᠬᠢᠨ ᠤ ᠮᠥᠷᠥᠭᠡᠳᠦᠯ  ᠡᠶᠢᠨ ᠬᠦ ᠪᠡᠶᠡᠯᠡᠵᠦ ᠵᠣᠷᠢᠭᠰᠠᠨ ᠳᠤ ᠪᠠᠨ ᠬᠦᠷᠴᠦ ᠴᠢᠳᠠᠵᠠᠢ᠃
ᠲᠡᠭᠦᠨ ᠦ ᠪᠠᠭᠰᠢ ᠮ∙ᠥᠯᠵᠡᠶᠢᠳᠡᠯᠭᠡᠷ ᠦᠨ ᠬᠤᠪᠢ ᠳᠤ ᠵᠠᠪᠬᠠᠨ ᠠᠶᠢᠮᠠᠭ ᠤᠨ ᠢᠳᠡᠷ ᠰᠤᠮᠤᠨ ᠳᠤ ᠵᠢᠯ ᠪᠦᠷᠢ ᠶᠢᠨ ᠬᠠᠪᠤᠷ ᠪᠣᠯᠳᠠᠭ ︽ᠡᠬᠡ ᠬᠡᠯᠡᠨ ᠦ ᠪᠠᠶᠠᠷ︾ ᠤᠨ ᠣᠯᠢᠮᠫᠢᠶᠠᠳ᠋  ᠤᠨ ᠪᠠᠭᠰᠢ ᠨᠠᠷ ᠤᠨ ᠲᠥᠷᠥᠯ ᠳᠦ ᠬᠣᠶᠠᠷ ᠵᠢᠯ ᠳᠠᠷᠠᠭᠠᠯᠠᠨ ᠲᠦᠷᠦᠭᠦᠯᠡᠭᠰᠡᠨ᠂ ᠤᠪᠰᠤ ᠠᠶᠢᠮᠠᠭ ᠤᠨ ᠤᠷᠳᠤ ᠪᠠᠨ ᠪᠠᠷᠢᠳᠠᠭ ᠮᠣᠩᠭᠣᠯ ᠪᠢᠴᠢᠭ ᠦᠨ ᠪᠠᠭᠰᠢ ᠨᠠᠷ ᠤᠨ ᠨᠢᠭᠡ ᠶᠠᠭᠤᠮ᠎ᠠ᠃ ᠮ∙ᠥᠯᠵᠡᠶᠢᠳᠡᠯᠭᠡᠷ ᠦᠨ ᠠᠪᠤ ᠮ∙ᠮᠢᠭᠮᠠᠷᠵᠠᠪ ᠪᠠᠭᠰᠢ ᠥᠩᠭᠡᠷᠡᠭᠰᠡᠨ ᠵᠢᠯ ᠵᠠᠪᠬᠠᠨ ᠤ ᠣᠯᠢᠮᠫᠢᠶᠠᠳ᠋ ᠲᠤ ᠲᠦᠷᠦᠭᠦᠯᠡᠵᠦ ᠲᠠᠪᠤᠨ ᠰᠠᠶ᠎ᠠ ᠲᠥᠭᠥᠷᠢᠭ ᠦᠨ ᠡᠵᠡᠨ ᠪᠣᠯᠵᠤ ᠪᠠᠶᠢᠭᠰᠠᠨ ᠪᠢᠯᠡ᠃

ᠰᠡᠳᠬᠢᠭᠳᠡᠯ ᠦᠯᠡᠳᠡᠭᠡᠬᠦ